︽ᠤᠳᠤᠬᠠᠨ᠎ᠠ ᠬᠦᠮᠦᠰ ᠤᠨ ᠠᠮᠢᠳᠤᠷᠠᠯ ᠤᠨ ᠲᠦᠪᠰᠢᠨ ᠳᠡᠬᠡᠭᠰᠢᠯᠡᠬᠦ ᠶᠢ ᠳᠠᠭᠠᠯᠳᠤᠨ ᠬᠤᠭᠤᠯᠠᠨ ᠬᠡᠷ ᠲᠤ | ᠬᠤᠭᠤᠯᠠᠯᠠᠬᠤ ᠤᠳᠠᠭ᠎ᠠ ᠴᠦ ᠤᠯᠠᠰᠢᠷᠠᠯ᠎ᠠ᠃ ᠶᠡᠷᠦ ᠶᠢᠨ ᠦᠬᠡᠨ ᠳᠤ ᠡᠯᠳᠡᠪ ᠤᠨ ᠡᠪᠡᠳᠴᠢᠨ ᠪᠦᠷ ᠠᠮᠠ ᠪᠠᠷ | ᠤᠷᠤᠳᠠᠭ ᠬᠡᠳᠡᠭ ᠰᠠᠨ᠂ ᠡᠬᠦᠨ ᠠᠴᠠ ᠬᠤᠭᠤᠯᠠᠯᠠᠬᠤ ᠡᠳ᠋ ᠬᠡᠷᠡᠭᠰᠡᠯ ᠤᠨ ᠠᠷᠢᠭᠤᠳᠬᠠᠭᠰᠠᠨ ᠡᠰᠠᠬᠦ ᠨᠢ ᠬᠡᠴᠢᠨᠡᠨ | ᠴᠢᠬᠤᠯᠠ ᠬᠡᠳᠡᠭ ᠢ ᠮᠡᠳᠡᠵᠤ ᠪᠤᠯᠬᠤ ᠪᠢᠯᠡ︾ ᠬᠡᠵᠤ ᠬᠦᠬᠡᠬᠤᠳᠠ ᠶᠢᠨ ᠰᠠᠶᠢᠬᠠᠨ ᠳᠤᠭᠤᠷᠢᠭ ᠤᠨ ᠤᠯᠠᠭᠠᠨ ᠪᠠᠭ᠎ᠠ | ᠳᠤᠭᠤᠷᠢᠭ ᠲᠤ ᠰᠠᠭᠤᠭ᠎ᠠ ᠵᠠᠩ ᠠᠪᠤᠭᠠᠢ ᠰᠤᠷᠪᠤᠯᠵᠢᠯᠠᠭᠴᠢ ᠳᠤ ᠶᠠᠷᠢᠨ᠎ᠠ᠃ | ᠤᠢᠢᠷ᠎ᠠ ᠶᠢᠨ ᠬᠤᠶᠠᠷ ᠡᠳᠦᠷ᠂ ᠰᠤᠷᠪᠤᠯᠵᠢᠯᠠᠭᠴᠢ ᠬᠡᠳᠦᠨ ᠬᠤᠭᠤᠯᠠᠨ ᠬᠡᠷ ᠤᠳ ᠢᠶᠠᠷ ᠰᠤᠷᠪᠤᠯᠵᠢᠯᠠᠵᠤ | ᠶᠠᠪᠤᠬᠤ ᠳᠠᠭᠠᠨ ᠵᠠᠩ ᠠᠪᠤᠭᠠᠢ ᠶᠢᠨ ᠳᠤᠰᠬᠠᠭᠰᠠᠨ ᠪᠠᠶᠢᠳᠠᠯ ᠦᠨᠡᠨ ᠬᠦ ᠤᠷᠤᠰᠢᠵᠤ ᠪᠠᠶᠢᠭ᠎ᠠ ᠶᠢ ᠦᠨᠡᠮᠰᠢᠪᠠ᠃ | ᠤᠯᠠᠭᠠᠨᠴᠠᠪ ᠵᠡᠬᠦᠨ ᠵᠡᠬᠡᠯᠢ ᠶᠢᠨ ᠨᠢᠬᠡᠨ ᠬᠤᠭᠤᠯᠠᠨ ᠬᠡᠷ ᠤᠨ ᠡᠵᠡᠨ ᠰᠤᠷᠪᠤᠯᠵᠢᠯᠠᠭᠴᠢ ᠳᠤ᠄ ᠰᠠᠪᠬ᠎ᠠ | ᠠᠷᠢᠭᠤᠳᠬᠠᠬᠤ ᠮᠠᠰᠢᠨ ᠨᠢᠳᠤᠨᠤᠨ ᠠᠴᠠ ᠡᠬᠢᠯᠡᠵᠤ ᠬᠤᠭᠤᠯᠠᠨ ᠬᠡᠷ ᠲᠤ ᠶᠡᠭᠡ ᠬᠡᠮᠵᠢᠶ᠎ᠠ ᠪᠠᠷ ᠤᠷᠤᠭᠰᠠᠨ ᠨᠢ ᠶᠡᠭᠡ | ᠰᠠᠶᠢᠨ ᠶᠠᠪᠤᠳᠠᠯ ᠬᠡᠪᠡᠴᠦ ᠤᠯᠠᠩᠬᠢ ᠪᠠᠭ᠎ᠠ ᠬᠤᠭᠤᠯᠠᠨ ᠬᠡᠷ ᠨᠢ ᠠᠷᠢᠭᠤᠳᠬᠠᠭᠤᠷ ᠢᠶᠠᠨ ᠬᠡᠷᠡᠭᠯᠡᠵᠤ ᠴᠢᠳᠠᠬᠤ ᠦᠬᠡᠢ | ᠪᠠᠶᠢᠵᠤ᠂ ᠵᠠᠷᠢᠮ ᠨᠢ ᠬᠡᠷᠡᠭᠯᠡᠵᠤ ᠴᠦ ᠦᠬᠡᠢ ᠬᠡᠪᠡ᠃ | ᠰᠤᠷᠪᠤᠯᠵᠢᠯᠠᠭᠴᠢ ᠮᠢᠨᠳᠣᠣᠷ ᠬᠢᠳᠡᠭ ᠬᠤᠭᠤᠯᠠᠨ ᠬᠡᠷ ᠪᠡ ᠪᠠᠭ᠎ᠠ ᠬᠤᠭᠤᠯᠠᠨ ᠬᠡᠷ ᠲᠤ ᠤᠷᠤᠵᠤ ᠠᠩᠬᠠᠷᠪᠠᠯ | ᠠᠷᠢᠭᠤᠳᠬᠠᠭᠤᠷ ᠢᠶᠠᠨ ᠪᠦᠷ ᠯᠠᠩᠬᠦᠢ ᠶᠢᠨ ᠢᠶᠠᠨ ᠬᠠᠵᠠᠭᠤ ᠳᠤ ᠢᠯᠡᠬᠡᠨ ᠳᠠᠯᠪᠢᠵᠤ ᠪᠠᠶᠢᠭ᠎ᠠ ᠪᠤᠯᠪᠠᠴᠦ ᠤᠯᠠᠩᠬᠢ ᠨᠢ | ᠨᠡᠬᠡᠬᠡᠵᠤ ᠦᠬᠡᠢ ᠤᠴᠢᠷ ᠠᠴᠠ ᠰᠠᠪᠬ᠎ᠠ ᠠᠷᠢᠭᠤᠳᠬᠠᠵᠤ ᠪᠠᠶᠢᠨ᠎ᠠ ᠬᠡᠳᠡᠭ ᠴᠢᠨᠢ ᠬᠤᠳᠠᠯ ᠦᠬᠡ ᠳᠡᠳᠦᠢ᠃ | ᠴᠢᠨᠠᠭᠰᠢᠯᠠᠪᠠᠯ ᠵᠠᠷᠢᠮ ᠪᠠᠭ᠎ᠠ ᠬᠤᠭᠤᠯᠠᠨ ᠬᠡᠷ ᠤᠨ ᠬᠢᠨ ᠰᠠᠶ᠋ᠢᠬᠠᠨ ᠤᠬᠢᠶᠠᠭᠰᠠᠨ ᠰᠠᠪᠬ᠎ᠠ ᠪᠠᠨ | ᠠᠷᠢᠭᠤᠳᠬᠠᠭᠤᠷ ᠲᠠᠭᠠᠨ ᠬᠢᠬᠡᠳ ᠬᠡᠳᠦᠬᠡᠨ ᠮᠢᠨᠦ᠋ᠲ ᠪᠤᠯᠤᠯ ᠦᠬᠡᠢ ᠪᠠᠷ ᠠᠪᠴᠦ ᠭᠠᠷᠭᠠᠭᠠᠳ ᠵᠤᠴᠢᠳ ᠲᠤ | ᠬᠡᠷᠡᠭᠯᠡᠬᠦᠯᠵᠦ ᠪᠤᠢ᠃ | ᠳᠡᠬᠡᠪᠡᠯ ᠠᠷᠢᠭᠤᠳᠬᠠᠭᠤᠷ ᠢ ᠶᠠᠭᠠᠬᠢᠵᠤ ᠬᠡᠷᠡᠭᠯᠡᠪᠡᠯ ᠰᠠᠶ᠋ᠢ ᠦᠢᠯᠡᠳᠦᠯ ᠢ ᠨᠢ ᠪᠠᠳᠠᠷᠠᠭᠤᠯᠵᠤ ᠴᠢᠳᠠᠬᠤ ᠪᠤᠢ︖ | ᠶᠠᠰᠤ ᠴᠢᠨᠠᠷ ᠲᠤ ᠬᠢᠨᠡᠯᠳᠠ ᠳᠠᠯᠪᠢᠬᠤ ᠰᠠᠯᠠᠭ᠎ᠠ ᠮᠦᠴᠢᠷ ᠠᠴᠠ ᠤᠢᠢᠯᠠᠭᠠᠭᠰᠠᠨ ᠢᠶᠠᠷ᠂ ᠤᠳᠤᠬᠠᠨ ᠤ ᠵᠠᠬ᠎ᠠ | ᠳᠡᠯᠬᠡᠬᠦᠷ ᠲᠠᠬᠢ ᠰᠠᠪᠬ᠎ᠠ ᠠᠷᠢᠭᠤᠳᠬᠠᠬᠤ ᠮᠠᠰᠢᠨ ᠡᠯᠳᠡᠪ ᠡᠰᠡᠨ ᠵᠦᠢᠯ ᠤᠨ ᠪᠠᠶᠢᠵᠤ᠂ ᠡᠯ᠎ᠠ ᠲᠦᠷᠦᠯ ᠳᠡᠮᠳᠡᠭ ᠤᠨ | ᠠᠷᠢᠭᠤᠳᠬᠠᠭᠤᠷ ᠤᠨ ᠬᠢᠨ ᠡᠶᠢᠮᠦ ᠰᠠᠶᠢᠨ ᠳᠡᠶᠢᠮᠦ ᠰᠠᠶᠢᠨ᠂ ᠤᠬᠤᠷᠬᠠᠨ ᠴᠠᠭ ᠲᠤ ᠪᠠᠺᠲ᠋ᠧᠷᠢ ᠶᠢ | ᠤᠰᠠᠳᠬᠠᠴᠢᠬᠠᠨᠠ᠂ ᠠᠷᠢᠭᠤᠳᠬᠠᠬᠤ᠂ ᠡᠷᠡᠬᠦᠯ ᠬᠠᠮᠠᠭᠠᠯᠠᠯ᠂ ᠠᠮᠤᠷ ᠲᠦᠪᠰᠢᠨ ᠤ ᠪᠠᠷᠢᠮᠵᠢᠶ᠎ᠠ ᠳᠤ ᠬᠦᠷᠴᠦ | ᠴᠢᠳᠠᠨ᠎ᠠ ᠬᠡᠬᠦ ᠵᠠᠷ ᠳᠠᠯᠪᠢᠵᠤ ᠤᠷᠠᠨ ᠰᠠᠶᠢᠬᠠᠨ ᠦᠬᠡ ᠶᠠᠷᠢᠵᠤ ᠯᠠ ᠪᠠᠶᠢᠨ᠎ᠠ᠃ ᠦᠨᠡᠨ ᠳᠡᠭᠡᠨ ᠪᠠᠶᠢᠳᠠᠯ ᠡᠶᠢᠮᠦ | ᠪᠤᠰᠤ᠃ ᠵᠢᠱᠢᠶᠡᠯᠡᠪᠡᠯ᠂ ᠵᠠᠬ᠎ᠠ ᠳᠡᠯᠬᠡᠬᠦᠷ ᠳᠡᠬᠡᠷ᠎ᠠ ᠳᠡᠯᠬᠡᠷᠡᠵᠤ ᠪᠠᠶᠢᠭ᠎ᠠ ᠬᠦᠷᠢᠨ ᠤ ᠭᠠᠳᠠᠨᠠᠬᠢ ᠰᠠᠴᠤᠷᠠᠭ ᠢᠶᠠᠷ | ᠰᠠᠪᠬ᠎ᠠ ᠠᠷᠢᠭᠤᠳᠬᠠᠬᠤ ᠮᠠᠰᠢᠨ ᠤ ᠠᠵᠢᠯᠯᠠᠬᠤ ᠶᠤᠰᠤ ᠨᠢ ᠳᠤᠯᠬᠢᠶᠠᠨ ᠤ ᠬᠦᠷᠢᠨ ᠤ ᠭᠠᠳᠠᠨᠠᠬᠢ ᠰᠠᠴᠤᠷᠠᠭ ᠢᠶᠠᠷ | ᠪᠠᠺᠲ᠋ᠧᠷᠢ ᠶᠢᠨ DNA ᠪᠤᠶᠤ RNA ᠶᠢᠨ ᠪᠦᠳᠦᠴᠡ ᠶᠢ ᠡᠪᠳᠡᠨ᠂ ᠪᠠᠺᠲ᠋ᠧᠷᠢ ᠶᠢ ᠤᠰᠠᠳᠬᠠᠬᠤ ᠪᠤᠶᠤ ᠳᠠᠬᠢᠨ | ᠠᠮᠢᠳᠤᠷᠠᠭᠤᠯᠬᠤ ᠦᠬᠡᠢ ᠪᠤᠯᠭᠠᠵᠤ᠂ ᠠᠷᠢᠭᠤᠳᠬᠠᠬᠤ ᠵᠤᠷᠢᠯᠭ᠎ᠠ ᠳᠠᠭᠠᠨ ᠬᠦᠷᠦᠨ᠎ᠠ᠃ ᠶᠠᠮᠠᠷ ᠲᠦᠷᠦᠯ ᠤᠨ | ᠠᠷᠢᠭᠤᠳᠬᠠᠭᠤᠷ ᠴᠦ ᠪᠤᠯᠤᠭ᠂ ᠡᠵᠡᠮᠳᠡᠬᠦ ᠶᠠᠪᠤᠴᠠ ᠶᠢ ᠴᠢᠩᠭ᠎ᠠ ᠵᠢᠷᠤᠮᠯᠠᠬᠤ ᠶᠢᠨ ᠬᠠᠮᠳᠤ ᠵᠤᠬᠢᠬᠤ ᠠᠵᠢᠯᠯᠠᠬᠤ | ᠴᠠᠭ ᠲᠤ ᠬᠦᠷᠪᠡᠯ ᠰᠠᠶ᠋ᠢ ᠠᠷᠢᠭᠤᠳᠬᠠᠬᠤ ᠦᠢᠯᠡᠳᠦᠯ ᠢᠶᠠᠨ ᠬᠦᠢᠴᠡᠳ ᠪᠠᠳᠠᠷᠠᠭᠤᠯᠵᠤ ᠴᠢᠳᠠᠨ᠎ᠠ᠂ ᠡᠰᠡᠪᠡᠰᠦ | ᠪᠠᠺᠲ᠋ᠧᠷᠢ ᠶᠢ ᠤᠰᠠᠳᠬᠠᠬᠤ ᠳᠤ ᠪᠡᠷᠬᠡ ᠠᠵᠢ᠃ |