ᠡᠳᠤᠷ ᠪᠦᠷᠢ ᠦᠷᠯᠦᠬᠡ ᠡᠷᠳᠡ ᠪᠤᠰᠤᠮᠠᠭᠴᠠ ᠶᠠᠮᠠᠷ ᠨᠠᠰᠤ ᠵᠢᠯ ᠲᠠᠢ ᠬᠦᠮᠤᠨ ᠴᠤ ᠬᠡᠳ ᠨᠢᠬᠡ ᠴᠤᠮᠤ | ᠪᠦᠯᠢᠶᠠᠨ ᠪᠤᠶᠤ ᠬᠦᠢᠳᠡᠨ ᠪᠤᠴᠠᠯᠤᠭᠰᠠᠠ ᠤᠰᠤ ᠤᠤᠭᠤᠪᠠᠯ ᠬᠠᠮᠤᠭ ᠰᠠᠶᠢᠨ᠃ ᠨᠢᠬᠡ ᠰᠦᠨᠢ ᠤᠨᠳᠠᠬᠤ ᠳᠤ ᠤᠰᠤ | ᠳᠤᠳᠠᠭᠳᠠᠵᠤ᠂ ᠨᠦᠬᠦᠪᠤᠷᠢᠯᠡᠬᠦ ᠴᠢᠬᠤᠯᠠ ᠲᠠᠢ︔ ᠦᠯᠤᠨ ᠬᠤᠭᠤᠰᠤᠨ ᠦᠶᠠᠰ ᠲᠤ ᠤᠰᠤ ᠤᠤᠭᠤᠪᠠᠯ | ᠡᠪᠡᠳᠴᠢᠨ ᠤ ᠪᠠᠺᠲ᠋ᠧᠷᠢ᠂ ᠦᠮᠠᠨ ᠡᠬᠦᠰᠬᠡᠬᠦ ᠡᠳ᠋᠂ ᠴᠢᠯᠠᠭᠤᠯᠢᠬ ᠡᠳ᠋ ᠢ ᠭᠠᠳᠠᠭᠰᠢ ᠭᠠᠷᠭᠠᠵᠤ᠂ ᠪᠦᠬᠡᠷ᠎ᠠ ᠪᠤᠯᠤᠨ | ᠲᠠᠪᠤᠰᠠᠩ ᠤᠨ ᠨᠦᠯᠦᠬᠡᠯᠡᠭᠳᠡᠬᠦ ᠬᠡᠮᠵᠢᠶ᠎ᠠ ᠶᠢ ᠪᠠᠭᠠᠰᠬᠠᠨ᠎ᠠ︔ ᠤᠨᠳᠠᠵᠤ ᠪᠠᠶᠢᠭ᠎ᠠ ᠦᠶᠠᠰ ᠲᠤ ᠴᠢᠰᠤᠨ ᠤ ᠡᠷᠬᠢᠯᠳᠠ | ᠪᠠᠭᠠᠰᠴᠤ᠂ ᠤᠷᠤᠰᠬᠤ ᠬᠤᠷᠳᠤᠴᠠ ᠨᠢ ᠤᠳᠠᠭᠠᠰᠢᠷᠠᠵᠤ᠂ ᠴᠢᠰᠤᠨ ᠵᠠᠮ ᠴᠤ ᠨᠠᠷᠢᠰᠤᠨ᠎ᠠ᠃ ᠤᠰᠤ | ᠤᠤᠭᠤᠭᠰᠠᠠ ᠤ ᠲᠠᠷᠠᠭ᠎ᠠ ᠴᠢᠰᠤᠨ ᠤ ᠦᠳᠬᠡᠨ ᠤ ᠬᠡᠮᠵᠢᠶ᠎ᠠ ᠳᠤᠷᠤᠭᠰᠢᠯᠠᠵᠤ᠂ ᠴᠢᠰᠤᠨ ᠵᠠᠮ ᠲᠡᠯᠡᠵᠤ᠂ ᠵᠢᠷᠤᠬᠡ | ᠪᠤᠯᠤᠨ ᠪᠦᠬᠦ ᠪᠠᠶ᠎ᠠ ᠶᠢᠨ ᠡᠯ᠎ᠠ ᠡᠷᠬᠡᠳᠡᠨ ᠳᠤ ᠠᠰᠢᠬᠳᠠᠢ ᠶᠤᠮ᠃ ᠪᠠᠰᠠ ᠠᠮᠠᠨ ᠬᠦᠨᠳᠠᠢ ᠦᠮᠡᠬᠡᠶᠢᠷᠡᠬᠦ᠂ ᠪᠠᠭᠠᠰᠤ | ᠬᠠᠳᠠᠬᠤ ᠶᠢ ᠰᠡᠷᠬᠡᠶᠢᠯᠡᠨ ᠵᠠᠰᠠᠨ᠎ᠠ᠃ | ᠦᠨᠳᠤᠷ ᠬᠠᠯᠠᠭᠤᠨ ᠤᠷᠴᠢᠨ ᠳᠤᠭᠤᠷᠢᠨ ᠳᠤ ᠠᠵᠢᠯᠯᠠᠬᠤ᠂ ᠬᠦᠳᠡᠯᠮᠤᠷᠢᠯᠡᠬᠦ ᠬᠡᠮᠵᠢᠶ᠎ᠠ ᠪᠤᠶᠤ ᠬᠦᠳᠡᠯᠬᠡᠬᠡᠨ ᠤ | ᠬᠡᠮᠵᠢᠶ᠎ᠠ ᠶᠡᠬᠡᠳᠬᠦ᠂ ᠬᠦᠯᠤᠰᠤ ᠶᠡᠭᠡ ᠭᠠᠷᠤᠭᠰᠠᠠ ᠤ ᠲᠠᠷᠠᠭ᠎ᠠ ᠪᠠᠭ᠎ᠠ ᠲᠠᠪᠤᠰᠤ ᠲᠠᠢ ᠪᠤᠴᠠᠯᠤᠭᠰᠠᠠ ᠤᠰᠤ | ᠤᠤᠭᠤᠵᠤ ᠂ ᠪᠠᠶ᠎ᠠ ᠳᠤ ᠬᠤᠷᠤᠭᠳᠠᠭᠰᠠᠠ ᠤᠰᠤ ᠪᠠ ᠲᠠᠪᠤᠰᠤ ᠶᠢ ᠨᠦᠬᠦᠪᠤᠷᠢᠯᠡᠳᠡᠭ᠃ ᠬᠠᠯᠠᠭᠤᠷᠠᠬᠤ ᠦᠶᠠᠰ ᠲᠤ | ᠪᠤᠴᠠᠯᠤᠭᠰᠠᠠ ᠤᠰᠤ ᠠᠷᠪᠢᠨ ᠤᠤᠭᠤᠪᠠᠯ ᠡᠪᠡᠳᠴᠢᠨ ᠡᠰᠡᠷᠬᠦᠴᠡᠬᠦ ᠴᠢᠳᠠᠪᠤᠷᠢ ᠶᠢ ᠨᠡᠮᠡᠭᠳᠡᠬᠦᠯᠵᠤ᠂ ᠬᠦᠯᠤᠰᠤ | ᠭᠠᠷᠬᠤ ᠪᠠ ᠰᠢᠬᠡᠬᠦ ᠪᠠᠷ ᠳᠠᠮᠵᠢᠨ ᠬᠤᠤᠷᠠᠳᠤ ᠡᠳ᠋ ᠢ ᠭᠠᠳᠠᠭᠰᠢᠯᠠᠭᠤᠯᠬᠤ ᠳᠤ ᠳᠤᠰᠠᠳᠠᠢ᠃ ᠲᠠᠷᠠᠴᠢᠯᠠᠨ ᠪᠠᠶ᠎ᠠ ᠶᠢᠨ | ᠬᠠᠯᠠᠭᠤᠨ ᠢ ᠪᠠᠭᠤᠷᠠᠭᠤᠯᠬᠤ ᠮᠦᠷᠳᠡᠬᠡᠨ ᠪᠠᠰᠠ ᠴᠢᠰᠤᠨ ᠤ ᠰᠢᠩᠬᠡᠨ ᠳᠠᠬᠢ ᠬᠤᠤᠷᠠᠳᠤ ᠡᠳ᠋ ᠢ ᠠᠷᠢᠯᠭᠠᠨ᠎ᠠ᠃ | ᠢᠳᠡᠷᠴᠤᠳ ᠨᠠᠰᠤᠳᠠᠶᠢᠴᠤᠳ ᠤᠤᠭᠤᠬᠤ ᠳᠤᠷᠠᠰᠢᠯ ᠦᠬᠡᠢ ᠴᠤ ᠬᠡᠰᠡᠨ ᠵᠠᠯᠭᠠᠪᠠᠷ ᠤᠰᠤ ᠤᠤᠭᠤᠬᠤ ᠬᠡᠷᠡᠭᠳᠡᠢ᠃ | ᠢᠳᠡᠷᠴᠤᠳ ᠨᠠᠰᠤᠳᠠᠶᠢᠴᠤᠳ ᠤᠨ ᠪᠠᠶ᠎ᠡ ᠳᠠᠬᠢ ᠤᠰᠤᠨ ᠤ ᠬᠡᠮᠵᠢᠶ᠎ᠠ ᠨᠠᠰᠤ ᠵᠢᠯ ᠨᠡᠮᠡᠭᠳᠡᠬᠦ ᠶᠢ ᠲᠠᠭᠠᠯᠳᠤᠨ ᠪᠠᠭᠠᠰᠴᠤ | ᠂ ᠡᠰ ᠤᠰᠤ ᠳᠤᠳᠠᠭᠳᠠᠪᠠᠯ ᠠᠷᠠᠰᠤ ᠬᠠᠭᠤᠷᠠᠶᠢᠰᠢᠵᠤ ᠠᠳᠤᠷᠢᠶ᠎ᠠ ᠨᠡᠮᠡᠭᠳᠡᠨ᠂ ᠤᠶᠠᠨ ᠬᠠᠷᠢᠮᠠᠬᠠᠢ ᠴᠢᠨᠠᠷ | ᠳᠤᠷᠤᠭᠰᠢᠯᠠᠨ᠎ᠠ᠃ ᠤᠰᠤ ᠳᠤᠳᠠᠪᠠᠯ ᠪᠠᠶ᠎ᠠ ᠮᠠᠬᠠᠪᠤᠳ ᠤᠨ ᠠᠶᠠᠨᠳᠠᠭᠠᠨ ᠵᠠᠳᠠᠷᠠᠬᠤ ᠪᠤᠳᠠᠰ᠂ ᠰᠢᠩᠬᠡᠬᠡᠯᠳᠠ ᠶᠢᠨ | ᠰᠢᠩᠬᠡᠨ ᠴᠤ ᠪᠠᠭᠠᠰᠴᠤ᠂ ᠰᠢᠩᠬᠡᠬᠡᠯᠳᠠ ᠮᠠᠭᠤᠳᠠᠬᠤ᠂ ᠪᠠᠭᠠᠰᠤ ᠬᠠᠳᠠᠬᠤ ᠬᠡᠮ ᠴᠤ ᠬᠢᠯᠪᠠᠷᠬᠠᠨ ᠢᠯᠡᠷᠠᠨᠠ᠃ | ᠡᠳᠤᠷ ᠪᠦᠷᠢ ᠳᠤᠭᠳᠠᠭᠰᠠᠠ ᠴᠠᠭ ᠲᠤ ᠳᠤᠭᠳᠠᠭᠰᠠᠠ ᠬᠡᠮᠵᠢᠶᠠᠨ ᠤ ᠤᠰᠤ ᠤᠤᠭᠤᠬᠤ ᠨᠢ ᠢᠳᠡᠷᠴᠤᠳ | ᠨᠠᠰᠤᠳᠠᠶᠢᠴᠤᠳ ᠤᠨ ᠡᠷᠡᠬᠦᠯ ᠮᠡᠨᠳᠤ ᠪᠠᠶᠢᠬᠤ ᠶᠢ ᠪᠠᠳᠤᠯᠠᠬᠤ ᠶᠢᠨ ᠰᠠᠶᠢᠨ ᠠᠷᠭ᠎ᠠ ᠮᠦᠨ᠃ ᠢᠳᠡᠷᠴᠤᠳ | ᠨᠠᠰᠤᠳᠠᠶᠢᠴᠤᠳ ᠬᠡᠷᠪᠡ ᠰᠦᠨᠢ ᠳᠡᠭᠡᠨ ᠨᠦᠢᠷ ᠠᠴᠠ ᠪᠠᠨ ᠰᠡᠷᠢᠭᠰᠡᠠ ᠤ ᠲᠠᠷᠠᠭ᠎ᠠ ᠵᠢᠭᠠᠬᠠᠨ ᠬᠦᠷᠦᠭᠡᠭᠰᠡᠨ | ᠪᠤᠴᠠᠯᠤᠭᠰᠠᠠ ᠤᠰᠤ ᠤᠤᠭᠤᠪᠠᠯ ᠴᠢᠰᠤᠨ ᠤ ᠰᠢᠩᠬᠡᠨ ᠤ ᠨᠢᠯᠴᠠᠭᠠᠷ ᠤᠨ ᠬᠡᠮᠵᠢᠶ᠎ᠠ ᠪᠠᠭᠤᠷᠠᠵᠤ᠂ ᠴᠢᠰᠤᠨ ᠪᠦᠯᠦᠭ | ᠪᠦᠷᠢᠯᠳᠤᠬᠦ ᠶᠢ ᠰᠡᠷᠬᠡᠶᠢᠯᠡᠨ᠎ᠠ᠃ | ᠡᠮ ᠤᠤᠭᠤᠳᠠᠬ ᠬᠦᠮᠤᠨ ᠴᠤ ᠦᠷᠬᠦᠯᠵᠢ ᠤᠰᠤ ᠤᠤᠭᠤᠬᠤ ᠬᠡᠷᠡᠭᠳᠡᠢ᠃ ᠨᠢᠬᠡ ᠲᠠᠯ᠎ᠠ ᠪᠠᠷ ᠡᠮ ᠤᠨ | ᠬᠦᠴᠤ ᠶᠢ ᠲᠠᠷᠬᠠᠭᠠᠬᠤ ᠳᠤ ᠠᠰᠢᠬᠳᠠᠢ᠂ ᠨᠦᠬᠦᠬᠡ ᠲᠠᠯ᠎ᠠ ᠪᠠᠷ ᠪᠠᠰᠠ ᠡᠮ ᠠᠴᠠ ᠪᠤᠯᠵᠤ ᠬᠡᠮᠳᠦᠭᠰᠡᠡ ᠡᠯᠢᠬᠡ᠂ | ᠪᠦᠬᠡᠷ᠎ᠠ ᠶᠢᠨ ︽ᠲᠠᠷᠤᠯᠳᠠ︾ ᠶᠢ ᠪᠠᠭᠠᠰᠬᠠᠨ᠎ᠠ᠃ ᠡᠮ ᠬᠡᠳᠦ᠋ᠢᠪᠡᠷ ᠡᠪᠡᠳᠴᠢᠨ ᠬᠡᠮ ᠢ ᠵᠠᠰᠠᠳᠠᠭ ᠪᠤᠯᠪᠠᠴᠤ ᠪᠠᠰᠠ | ᠡᠯᠢᠬᠡ ᠪᠦᠬᠡᠷ᠎ᠠ ᠮᠠᠳᠤ ᠶᠢᠨ ᠡᠷᠬᠡᠳᠠᠨ ᠢ ᠬᠤᠬᠢᠷᠠᠭᠤᠯᠳᠠᠭ᠃ ᠦᠷᠬᠦᠯᠵᠢ ᠤᠰᠤ ᠤᠤᠭᠤᠪᠠᠯ ᠡᠮ ᠤᠨ ᠬᠤᠤᠷ᠎ᠠ ᠶᠢ | ᠪᠠᠭᠤᠷᠠᠭᠤᠯᠵᠤ᠂ ᠪᠠᠶ᠎ᠠ ᠶᠢᠨ ᠡᠷᠬᠡᠳᠡᠨ ᠢ ᠬᠠᠮᠠᠭᠠᠯᠠᠨ᠎ᠠ᠃ ᠲᠠᠬᠢᠪᠠᠯ᠂ ᠲᠦᠬᠦᠬᠡᠢ ᠤᠰᠤ ᠤᠤᠭᠤᠵᠤ ᠪᠤᠯᠬᠤ ᠦᠬᠡᠢ᠂ | ᠢᠯᠠᠩᠭᠤᠶ᠎ᠠ ᠭᠤᠤ ᠰᠤᠪᠠᠭ᠂ ᠬᠤᠳᠳᠤᠭ᠂ ᠨᠠᠭᠤᠷ ᠴᠦᠬᠦᠷᠤᠮ᠂ ᠭᠤᠤᠯ ᠮᠦᠷᠠᠨ ᠤ ᠲᠦᠬᠦᠬᠡᠢ ᠤᠰᠤ ᠶᠢ | ᠤᠤᠭᠤᠵᠤ ᠪᠤᠯᠬᠤ ᠦᠬᠡᠢ᠃ ᠲᠦᠬᠦᠬᠡᠢ ᠤᠰᠤᠨ ᠳᠤ ᠶᠡᠭᠡ ᠬᠡᠮᠵᠢᠶᠠᠨ ᠤ ᠡᠪᠡᠳᠴᠢᠨ ᠤ ᠪᠠᠺᠲ᠋ᠧᠷᠢ ᠪᠠᠶᠢᠵᠤ | ᠮᠠᠳᠠᠨ᠎ᠠ᠂ ᠪᠤᠴᠠᠯᠭᠠᠵᠤ ᠪᠠᠺᠲ᠋ᠧᠷᠢ ᠶᠢ ᠤᠰᠠᠳᠬᠠᠭᠰᠠᠠ ᠦᠬᠡᠢ ᠪᠠᠷ ᠤᠤᠭᠤᠪᠠᠯ ᠬᠤᠳᠤᠭᠤᠳᠤ ᠬᠡᠳᠡᠰᠤᠨ ᠤ | ᠦᠷᠪᠢᠰᠤᠯ᠂ ᠴᠢᠴᠠᠭ᠎ᠠ ᠠᠯᠳᠠᠬᠤ᠂ ᠡᠯᠢᠬᠡᠨ ᠤ ᠦᠷᠪᠢᠰᠤᠯ᠂ ᠳᠤᠮᠤᠭᠤ ᠮᠠᠳᠤ ᠶᠢᠨ ᠡᠪᠡᠳᠴᠢᠨ ᠬᠡᠮ ᠳᠤ | ᠨᠡᠷᠪᠡᠭᠳᠡᠵᠤ ᠮᠠᠳᠠᠨ᠎ᠠ᠃ ᠰᠠᠶᠢᠳᠤᠷ ᠠᠷᠢᠭᠤᠳᠬᠠᠭᠰᠠᠠ ᠲᠦᠬᠡᠬᠡᠯ ᠤᠰᠤᠨ ᠳᠤ ᠴᠤ ᠡᠪᠡᠳᠴᠢᠨ ᠤ ᠪᠠᠺᠲ᠋ᠧᠷᠢ | ᠠᠭᠤᠯᠤᠭᠳᠠᠵᠤ ᠮᠡᠳᠡᠨ᠎ᠠ᠃ ᠡᠶᠢᠮᠤ ᠠᠴᠠ ᠲᠦᠬᠦᠬᠡᠢ ᠲᠦᠬᠡᠬᠡᠯ ᠤᠰᠤ ᠶᠢ ᠤᠤᠭᠤᠵᠤ ᠪᠤᠯᠬᠤ ᠦᠬᠡᠢ᠃ | ᠬᠡᠳᠤ ᠪᠤᠴᠠᠯᠤᠭᠰᠠᠠ ᠤᠰᠤ ᠪᠤᠶᠤ ᠴᠠᠢ ᠶᠢ ᠤᠤᠭᠤᠵᠤ ᠪᠤᠯᠬᠤ ᠦᠬᠡᠢ᠃ ᠬᠡᠳᠤ ᠪᠤᠴᠠᠯᠤᠮ᠎ᠠ ᠤᠰᠤ ᠪᠤᠶᠤ | ᠴᠠᠢ ᠶᠢ ᠤᠤᠭᠤᠪᠠᠯ ᠠᠮᠠᠨ ᠬᠦᠨᠳᠡᠢ᠂ ᠬᠤᠭᠤᠯᠠᠢ᠂ ᠬᠤᠳᠤᠭᠤᠳᠤ ᠶᠢ ᠰᠢᠷᠬᠠᠳᠤᠭᠤᠯᠤᠨᠠ᠃ 20 — 30 | ᠭᠷᠡᠳᠦ᠋ᠰ ᠤᠨ ᠬᠠᠯᠠᠭᠤᠨ ᠤᠰᠤ ᠪᠤᠶᠤ ᠴᠠᠢ ᠶᠢ ᠤᠤᠭᠤᠪᠠᠯ ᠳᠤᠬᠢᠷᠠᠮᠵᠢᠳᠠᠢ᠃ ᠬᠤᠭᠤᠯᠠᠨ ᠤ ᠡᠮᠤᠨ᠎ᠠ ᠬᠤᠶᠢᠨ᠎ᠠ | ᠠᠷᠪᠢᠨ ᠤᠰᠤ ᠤᠤᠭᠤᠵᠤ ᠪᠤᠯᠬᠤ ᠦᠬᠡᠢ᠃ ᠬᠡᠳᠤ ᠠᠷᠪᠢᠨ ᠤᠰᠤ ᠤᠤᠭᠤᠪᠠᠯ ᠬᠤᠳᠤᠭᠤᠳᠤᠨ ᠤ ᠰᠢᠩᠬᠡᠨ ᠢ | ᠤᠬᠢᠶᠠᠨ ᠰᠢᠩᠬᠡᠷᠡᠬᠦᠯᠵᠤ᠂ ᠬᠡᠳᠠᠰᠤ ᠬᠤᠳᠤᠭᠤᠳᠤᠨ ᠤ ᠲᠠᠷᠤᠭᠠᠰᠤ ᠶᠢ ᠨᠡᠮᠡᠭᠳᠡᠬᠦᠯᠵᠤ᠂ ᠢᠳᠡᠰᠢᠨ ᠤ ᠳᠤᠷᠠᠰᠢᠯ | ᠪᠤᠯᠤᠨ ᠰᠢᠩᠬᠡᠬᠡᠯᠳᠠ ᠶᠢᠨ ᠴᠢᠳᠠᠪᠤᠷᠢ ᠶᠢ ᠨᠦᠯᠦᠬᠡᠯᠡᠨ᠎ᠠ᠃ ᠲᠠᠷᠠᠴᠢᠯᠠᠨ ᠦᠷᠬᠦᠯᠵᠢ ᠶᠢᠨ ᠴᠢᠨᠠᠷᠳᠠᠢ ᠪᠠᠷ | ᠯᠤᠩᠬᠤᠨ ᠳᠤ ᠰᠠᠪᠠᠯᠠᠭᠰᠠᠠ ᠴᠤᠯ ᠴᠡᠪᠡᠷ ᠤᠰᠤ ᠪᠤᠶᠤ ᠷᠠᠰᠢᠶᠠᠨ ᠤᠰᠤ ᠶᠢ ᠯᠠ ᠤᠤᠭᠤᠭᠠᠳ ᠪᠠᠶᠢᠵᠤ ᠪᠤᠯᠬᠤ | ᠦᠬᠡᠢ᠃ |