ᠪᠦᠭᠡᠷᠡᠩᠬᠡᠢ ᠴᠠᠭᠠᠨ ᠨᠤᠭᠤᠭ᠎ᠠ ᠶᠢᠨ ᠬᠠᠷᠠᠯᠠᠨ ᠢᠯᠵᠢᠷᠡᠬᠦ  ᠭᠡᠮ ᠢ ᠰᠡᠷᠭᠡᠶᠢᠯᠡᠨ ᠵᠠᠰᠬᠠᠤ ᠠᠷᠭ᠎ᠠ
ᠨᠡᠶᠢᠲᠡᠯᠡᠭᠰᠡᠨ ᠴᠠᠭ᠄
2017-12-13
    ᠬᠡᠮ ᠤᠨ ᠰᠢᠨᠵᠢ᠄ ᠬᠠᠷᠠᠯᠠᠨ ᠢᠯᠵᠢᠷᠡᠬᠦ ᠭᠡᠮ ᠪᠤᠯ ᠨᠢᠭᠡ ᠵᠦᠢᠯ ᠤᠨ ᠪᠠᠺᠲ᠋ᠧᠷᠢ ᠠᠴᠠ ᠡᠬᠦᠰᠬᠦ  ᠭᠡᠮ ᠤᠨ ᠬᠦᠨᠦᠭᠡᠯ ᠮᠦᠨ᠃ ᠲᠠᠷᠢᠮᠠᠯ ᠳᠤᠰ ᠭᠡᠮ ᠳᠤ ᠳᠠᠭᠠᠷᠢᠭᠳᠠᠪᠠᠯ ᠴᠤᠷᠭᠤ ᠰᠢᠷᠭᠡᠭᠳᠤ ᠪᠠᠭᠴᠠ ᠨᠢ ᠦᠬᠦᠵᠢᠵᠤ ᠬᠠᠷᠠᠯᠠᠳᠠᠭ᠃ ᠨᠢᠯᠬ᠎ᠠ ᠴᠢᠬᠢ ᠳᠤ ᠳᠤᠰᠪᠠᠯ ᠦᠷ᠎ᠡ ᠶᠢᠨ ᠳᠠᠯ᠎ᠠ ᠨᠢ ᠤᠰᠤᠩᠬᠢᠳᠤᠭᠠᠳ ᠠᠭᠠᠵᠢᠮ ᠢᠶᠠᠷ ᠬᠤᠪᠠᠭ᠋ᠠᠶᠢᠷᠠᠨ ᠦᠬᠦᠬᠦ ᠪᠤᠶᠤ ᠵᠢᠩᠬᠢᠨᠢ ᠨᠠᠪᠴᠢ ᠳᠤ ᠬᠠᠯᠳᠠᠪᠤᠷᠢᠯᠠᠵᠤ᠂ ᠵᠢᠩᠬᠢᠨᠢ ᠨᠠᠪᠴᠢ ᠶᠢᠨ ᠨᠠᠪᠴᠢᠨ ᠰᠤᠳᠠᠰᠤ ᠳᠤ ᠵᠢᠵᠢᠭ ᠪᠤᠷᠤ ᠳᠤᠯᠪᠤ ᠪᠤᠶᠤ ᠨᠠᠷᠢᠨ ᠬᠠᠷᠠᠪᠳᠤᠷ ᠬᠦᠷᠡᠩ ᠵᠤᠷᠪᠤᠰ ᠢᠯᠡᠷᠡᠳᠡᠭ᠃     ᠰᠡᠷᠭᠡᠶᠢᠯᠡᠨ ᠵᠠᠰᠬᠠᠤ᠄ 1. ᠦᠷ᠎ᠠ ᠦᠯᠡᠳᠡᠭᠡᠬᠦ ᠪᠠ ᠤᠩᠭᠤᠴᠠ ᠭᠠᠷᠭᠠᠬᠤ᠃ ᠬᠡᠮᠳᠦᠭᠰᠡᠨ ᠦᠭᠡᠢ ᠰᠠᠭᠤᠷᠢ ᠠᠴᠠ ᠦᠷ᠎ᠡ ᠦᠯᠡᠳᠡᠭᠡᠵᠤ ᠳᠠᠷᠢᠨ᠎ᠠ᠃ ᠬᠡᠮᠳᠦᠭᠰᠡᠨ ᠬᠡᠰᠡᠭ ᠠᠭᠤᠯᠬᠤ ᠦᠭᠡᠢ ᠬᠦᠷᠦᠰᠤ ᠶᠢ ᠰᠤᠩᠭᠤᠵᠤ ᠤᠩᠭᠤᠴᠠ ᠭᠠᠷᠭᠠᠨ᠎ᠠ᠃ 2. ᠡᠭᠡᠯᠵᠢᠯᠡᠨ ᠳᠠᠷᠢᠨ᠎ᠠ᠃ ᠳᠤᠨᠤᠯᠵᠢᠨ ᠴᠡᠴᠡᠭ ᠤᠨ ᠢᠵᠠᠭᠤᠷ ᠤᠨ ᠪᠤᠰᠤ ᠳᠠᠷᠢᠮᠠᠯ ᠲᠠᠢ 2 — 3 ᠵᠢᠯ ᠡᠭᠡᠯᠵᠢᠯᠡᠨ ᠳᠠᠷᠢᠨ᠎ᠠ᠃ 3. ᠭᠡᠮ ᠢ ᠡᠰᠡᠷᠭᠦᠴᠡᠬᠦ ᠴᠢᠳᠠᠪᠤᠷᠢ ᠴᠢᠩᠭ᠎ᠠ ᠰᠤᠷᠲ ᠢ ᠰᠤᠩᠭᠤᠨ᠎ᠠ᠃ 4. ᠦᠷ᠎ᠡ ᠶᠢ ᠠᠷᠢᠭᠤᠳᠬᠠᠨ᠎ᠠ᠃ ᠬᠠᠭᠤᠷᠠᠢ ᠦᠷ᠎ᠡ ᠶᠢ 60 ᠭᠷᠠᠳᠦ᠋ᠰ ᠤᠨ ᠨᠦᠬᠦᠴᠡᠯ ᠳᠤ 6 ᠴᠠᠭ ᠠᠷᠢᠭᠤᠳᠬᠠᠬᠤ ᠪᠤᠶᠤ 50 ᠭᠷᠡᠳᠦ᠋ᠰ ᠤᠨ ᠤᠰᠤᠨ ᠳᠤ 20 ᠮᠢᠨᠦ᠋ᠲ ᠳᠡᠪᠳᠤᠭᠡᠵᠤ ᠳᠤᠭᠤᠯᠤᠭᠤᠯᠤᠨ ᠤᠬᠢᠶᠠᠨ ᠴᠡᠪᠡᠷᠯᠡᠭᠡᠳ ᠬᠠᠳᠠᠭᠠᠭᠰᠠᠨ ᠤ ᠰᠡᠭᠦᠯᠡᠷ ᠳᠠᠷᠢᠨ᠎ᠠ᠃ 5. ᠬᠡᠳᠦᠷᠬᠡᠢ ᠡᠷᠳᠡ ᠳᠠᠷᠢᠬᠤ ᠶᠢ ᠴᠡᠭᠡᠷᠯᠡᠵᠤ᠂ ᠳᠤᠬᠢᠷᠠᠭᠰᠠᠨ ᠬᠤᠭᠤᠴᠠᠭ᠎ᠠ ᠳᠤᠨᠢ ᠳᠠᠷᠢᠨ᠎ᠠ᠃ ᠡᠯ᠎ᠡ ᠰᠤᠷᠲ ᠤᠨ ᠦᠰᠦᠯᠳᠡ ᠪᠤᠶᠢᠵᠢᠯᠳᠠ ᠶᠢᠨ ᠤᠨᠴᠠᠯᠢᠭ ᠢ ᠦᠨᠳᠦᠰᠦᠯᠡᠵᠤ᠂ ᠪᠦᠭᠡᠷᠡᠩᠬᠡᠢ ᠴᠠᠭᠠᠨ ᠨᠤᠭᠤᠭ᠎ᠠ ᠶᠢᠨ ᠪᠦᠭᠡᠷᠡᠩᠬᠡᠢ ᠨᠠᠪᠴᠢ ᠳᠤᠮᠤᠷᠠᠬᠤ ᠬᠤᠭᠤᠴᠠᠭ᠎ᠠ ᠶᠢ ᠦᠨᠳᠦᠷ ᠬᠠᠯᠠᠭᠤᠨ ᠴᠢᠬᠢᠭ ᠤᠨ ᠤᠯᠠᠷᠢᠯ ᠠᠴᠠ ᠵᠦᠷᠢᠭᠦᠯᠡᠵᠤ ᠡᠪᠡᠳᠴᠢᠨ ᠤ ᠬᠦᠨᠦᠭᠡᠯ ᠤᠨ ᠡᠷᠳᠡ ᠡᠭᠦᠰᠬᠦ ᠪᠤᠶᠤ ᠬᠠᠯᠳᠠᠪᠤᠷᠢᠯᠠᠨ ᠲᠠᠷᠬᠠᠬᠤ ᠶᠢ ᠰᠡᠷᠭᠡᠶᠢᠯᠡᠨ᠎ᠡ᠃ 6. ᠡᠮ ᠰᠦᠷᠴᠢᠨ᠎ᠡ᠃ 7. ᠤᠰᠤᠯᠠᠬᠤ ᠶᠢ ᠬᠢᠵᠠᠭᠠᠷᠯᠠᠨ᠎ᠠ᠃ ᠴᠠᠭ ᠠᠭᠤᠷ ᠤᠨ ᠪᠠᠶᠢᠳᠠᠯ ᠢ ᠦᠨᠳᠦᠰᠦᠯᠡᠵᠤ ᠤᠰᠤᠨ ᠤ ᠬᠠᠮᠢᠶᠠᠷᠤᠯᠳᠠ ᠶᠢ ᠴᠢᠩᠭᠠᠳᠬᠠᠬᠤ ᠬᠡᠷᠡᠭᠳᠡᠢ᠃ ᠬᠡᠳᠦᠷᠬᠡᠢ ᠤᠰᠤᠯᠠᠬᠤ ᠪᠤᠶᠤ ᠡᠷᠳᠡ ᠤᠷᠤᠢ ᠶᠢᠨ ᠰᠢᠬᠦᠳᠡᠷᠢ ᠶᠡᠭᠡ᠂ ᠮᠠᠨᠠᠨ ᠶᠡᠭᠡ ᠴᠠᠭ ᠠᠭᠤᠷ ᠢᠯᠡᠷᠡᠬᠦ᠂ ᠡᠰᠡᠭᠦᠯ᠎ᠡ ᠬᠦᠷᠦᠰᠦᠨ ᠭᠠᠳᠠᠷᠭᠤ ᠶᠢᠨ ᠴᠢᠬᠢᠭᠳᠦᠴᠡ ᠪᠠ ᠳᠤᠯᠠᠭᠠᠨ ᠤ ᠵᠦᠷᠢᠶ᠎ᠡ ᠶᠡᠬᠡᠰᠬᠦ ᠵᠡᠷᠭᠡ ᠨᠦᠬᠦᠴᠡᠯ ᠳᠤ ᠬᠠᠷᠠᠯᠠᠨ ᠢᠯᠵᠢᠷᠠᠬᠦ ᠭᠡᠮ ᠳᠦᠷᠭᠡᠨ ᠡᠭᠦᠰᠴᠤ ᠳᠡᠯᠭᠡᠷᠡᠳᠡᠭ᠃ ᠡᠶᠢᠮᠤ ᠠᠴᠠ ᠪᠠᠭ᠎ᠠ ᠬᠡᠮᠵᠢᠶ᠎ᠡ ᠪᠠᠷ ᠦᠷᠭᠦᠯᠵᠢ ᠤᠰᠤᠯᠠᠬᠤ᠂ ᠤᠷᠭᠠᠨᠢᠭ ᠪᠤᠷᠳᠤᠭᠤᠷ ᠢᠯᠡᠭᠦᠬᠡᠨ ᠤᠷᠤᠭᠤᠯᠬᠤ ᠪᠤᠯ ᠬᠠᠷᠠᠯᠠᠨ ᠢᠯᠵᠢᠷᠡᠬᠦ ᠭᠡᠮ ᠤᠨ ᠳᠠᠷᠬᠠᠯᠳᠠ ᠶᠢ ᠰᠡᠷᠭᠡᠶᠢᠯᠡᠬᠦ ᠴᠢᠬᠤᠯᠠ ᠠᠷᠭ᠎ᠠ ᠵᠠᠮ ᠤᠨ ᠨᠢᠭᠡ ᠪᠤᠯᠤᠨ᠎ᠠ᠃ 8. ᠭᠡᠮᠳᠤᠯ ᠢ ᠪᠠᠭᠠᠰᠬᠠᠨ᠎ᠠ᠃ ᠮᠧᠬᠠᠨᠢᠭ ᠬᠡᠮᠳᠤᠯ ᠪᠠ ᠬᠤᠷᠤᠬᠠᠢ ᠶᠢᠨ ᠬᠡᠮᠳᠤᠯ ᠠᠴᠠ ᠵᠠᠶᠢᠯᠠᠰᠬᠢᠵᠤ᠂  ᠬᠡᠮ ᠡᠬᠦᠰᠭᠡᠬᠦ ᠪᠠᠺᠲ᠋ᠧᠷᠢ ᠶᠢᠨ ᠬᠠᠯᠳᠠᠪᠤᠷᠢᠯᠠᠬᠤ ᠵᠠᠮ ᠢ ᠪᠠᠭᠠᠰᠬᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号