| | | 12 ᠰᠠᠷ᠎ᠠ ᠶᠢᠨ 15 ᠤ ᠡᠳᠦᠷ᠂ ᠰᠢᠨ᠎ᠡ ᠪᠠᠷᠭᠤ ᠵᠡᠭᠦᠨ ᠬᠤᠰᠢᠭᠤᠨ ᠤ ᠰᠣᠶᠣᠯ ᠲᠠᠮᠢᠷ ᠰᠣᠨᠢᠨ ᠮᠡᠳᠡᠭᠡ | ᠷᠠᠳᠢᠣ᠋ ᠲᠧᠯᠸᠢᠰ ᠲᠣᠪᠴᠢᠶ᠎ᠠ ᠠᠴᠠ ᠭᠤᠣᠯᠯᠠᠨ ᠡᠷᠬᠢᠯᠡᠭᠰᠡᠨ ᠳᠡᠯᠡᠬᠡᠢ ᠶᠢᠨ ᠭᠢᠨᠢᠰ ᠤᠨ ᠲᠡᠮᠳᠡᠭᠯᠡᠯ ᠳᠤ | ᠪᠦᠷᠢᠳᠬᠡᠭᠦᠯᠬᠦ ︽ᠬᠠᠮᠤᠭ ᠤᠨ ᠳᠣᠮᠣ ᠮᠣᠩᠭᠤᠯ ᠲᠡᠪᠡᠯ︾ ᠤᠨ ᠡᠰᠭᠡᠯᠲᠡ ᠶᠢᠨ ᠶᠣᠰᠣᠯᠠᠯ ᠲᠣᠰ ᠬᠤᠰᠢᠭᠤᠨ ᠤ | ᠲᠠᠮᠢᠷ ᠤᠨ ᠣᠷᠳᠣᠨ ᠳᠤ ᠶᠠᠪᠣᠭᠳᠠᠵᠠᠢ᠃ | ᠣᠶᠢᠯᠭᠠᠭᠰᠠᠨ ᠢᠶᠠᠷ᠂ ᠦᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠣᠰᠣ ᠰᠣᠶᠣᠯ ᠤᠨ ᠦᠪ ︽ | ᠪᠠᠷᠭᠤ ᠬᠤᠪᠴᠠᠰᠣ ᠵᠠᠰᠠᠯ︾ ᠤᠨ ᠣᠯᠠᠮᠵᠢᠯᠠᠭᠴᠢ᠂ ᠰᠢᠨ᠎ᠡ ᠪᠠᠷᠭᠤ ᠵᠡᠭᠦᠨ ᠬᠤᠰᠢᠭᠤᠨ ᠤ ᠨᠡᠷᠡᠲᠣ ᠣᠷᠠᠨ | ᠣᠶᠣᠳᠠᠯᠴᠢᠨ ᠰᠸ᠊᠂ ᠣᠷᠠᠨᠴᠢᠮᠡᠭ ᠳᠡᠯᠡᠬᠡᠢ ᠶᠢᠨ ᠬᠠᠮᠤᠭ ᠤᠨ ᠳᠣᠮᠣ ᠳᠡᠪᠡᠯ ︵ᠪᠠᠷᠭᠤ ᠴᠢᠰᠴᠣ ᠳᠡᠪᠡᠯ︶ ᠢ | ᠳᠡᠯᠡᠬᠡᠢ ᠶᠢᠨ ᠭᠢᠨᠢᠰ ᠤᠨ ᠲᠡᠮᠳᠡᠭᠯᠡᠯ ᠳᠤ ᠣᠷᠣᠭᠤᠯᠬᠤ ᠪᠠᠷ ᠱᠠᠩᠬᠠᠢ ᠶᠢᠨ ᠳᠡᠯᠡᠬᠡᠢ ᠶᠢᠨ ᠭᠢᠨᠢᠰ ᠤᠨ ᠲᠡᠮᠳᠡᠭᠯᠡᠯ ᠤᠨ | ᠶᠡᠷᠦᠩᠬᠡᠢ ᠭᠠᠵᠠᠷ ᠲᠤ 2 ᠵᠢᠯ ᠰᠠᠨᠠᠭᠠᠴᠢᠯᠠᠨ ᠭᠤᠶᠣᠴᠢᠯᠠᠭᠠᠳ 2017 ᠣᠨ ᠤ 11 ᠰᠠᠷ᠎ᠠ ᠳᠤ ᠵᠦᠪᠰᠢᠶᠡᠷᠡᠯ | ᠣᠯᠣᠭᠰᠠᠨ ᠪᠠᠶᠢᠨ᠎ᠠ᠃ | ᠣᠶᠣᠳᠠᠯᠴᠢᠨ ᠰᠸ᠊᠂ ᠣᠷᠠᠨᠴᠢᠮᠡᠭ ᠨᠠᠰᠣᠲᠠᠨ ᠤ ᠲᠠᠨᠢᠯᠴᠠᠭᠤᠯᠣᠭᠰᠠᠨ ᠢᠶᠠᠷ᠂ ︽ᠬᠠᠮᠤᠭ ᠤᠨ ᠳᠣᠮᠣ ᠮᠣᠩᠭᠤᠯ | ᠳᠡᠪᠡᠯ︾ ᠢᠶᠠᠨ ᠡᠰᠭᠡᠵᠣ ᠳᠠᠭᠤᠰᠬᠠᠭᠰᠠᠨ ᠤ ᠰᠡᠭᠦᠯᠡᠷ 6 ᠣᠶᠣᠳᠠᠯᠴᠢᠨ 2 ᠰᠠᠷ᠎ᠠ ᠳᠤ ᠣᠶᠣᠵᠣ ᠳᠠᠭᠤᠰᠬᠠᠬᠤ | ᠪᠣᠯᠣᠨ᠎ᠠ᠃ ᠮᠣᠩᠭᠤᠯ ᠳᠡᠪᠡᠯ ᠢᠶᠠᠨ ᠬᠢᠬᠦ ᠳᠤ ᠳᠡᠪᠬᠤᠷ ᠡᠩ ᠤᠨ ᠴᠢᠰᠴᠣ 150 ᠮᠧᠲᠷ᠂ ᠳᠠᠪᠬᠤᠷ ᠡᠩ ᠤᠨ | ᠳᠡᠪᠡᠯ ᠤᠨ ᠳᠣᠲᠣᠷ ᠬᠢᠬᠦ ᠪᠦᠰ 150 ᠮᠧᠲᠷ᠂ ᠬᠦᠪᠦᠩ 50 ᠵᠢᠩ᠂ ᠡᠮᠵᠢᠶᠡᠷᠢ 10 ᠮᠧᠲᠷ ᠪᠡᠯᠡᠳᠬᠡᠵᠡᠢ᠃ | ᠵᠠᠷᠣᠯᠭ᠎ᠠ ᠶᠢᠨ ᠲᠠᠯ᠎ᠠ ᠪᠠᠷ 20 ᠠᠴᠠ 30 ᠲᠦᠮᠡᠨ ᠲᠦᠬᠦᠷᠢᠭ ᠤᠨ ᠳᠣᠲᠣᠷ᠎ᠠ ᠲᠦᠯᠦᠪᠯᠡᠵᠣ ᠪᠣᠢ ᠭᠡᠪᠡ᠃ ᠪᠠᠷᠭᠤ | ᠴᠢᠰᠴᠣ ᠳᠡᠪᠡᠯ ᠢᠶᠠᠨ ᠣᠶᠣᠵᠣ ᠳᠠᠭᠤᠰᠣᠭᠰᠠᠨ ᠤ ᠳᠠᠷᠠᠭ᠎ᠠ ᠳᠡᠪᠡᠯ ᠤᠨ ᠶᠡᠭᠡ ᠪᠠᠭ᠎ᠠ ᠶᠢᠨ ᠬᠡᠮᠵᠢᠶ᠎ᠡ᠂ | ᠬᠠᠪᠠᠭᠠᠰᠣ ᠶᠢᠨ ᠲᠤᠭ᠎ᠠ ᠵᠡᠷᠭᠡ ᠶᠢ ᠪᠦᠷᠢᠳᠬᠡᠵᠣ᠂ ᠳᠡᠯᠡᠬᠡᠢ ᠶᠢᠨ ᠭᠢᠨᠢᠰ ᠤᠨ ᠲᠡᠮᠳᠡᠭᠯᠡᠯ ᠳᠤ ᠪᠦᠷᠢᠳᠬᠡᠭᠦᠯᠬᠦ | ᠪᠣᠯᠣᠨ᠎ᠠ᠃ | ᠬᠠᠪᠠᠭᠠᠰᠣᠲᠠᠢ ᠴᠢᠰᠴᠣ ᠳᠡᠪᠡᠯ ᠪᠣᠯ ᠪᠠᠷᠭᠤᠴᠣᠳ ᠤᠨ ᠬᠠᠮᠤᠭ ᠤᠨ ᠶᠡᠭᠡ ᠬᠦᠨᠳᠦᠳᠬᠡᠯ ᠲᠠᠢ ᠳᠡᠪᠡᠯ | ᠪᠣᠯᠣᠨ᠎ᠠ᠃ ᠲᠡᠭᠦᠨ ᠤ ᠳᠣᠪᠣᠶᠢᠭᠰᠠᠨ ᠣᠨᠴᠠᠯᠢᠭ ᠭᠡᠪᠡᠯ ᠬᠠᠪᠠᠭᠠᠰᠣᠨ ᠳᠠᠭᠠᠨ ᠪᠠᠶᠢᠳᠠᠭ᠃ ᠲᠡᠷᠯᠢᠭ ᠢᠶᠠᠨ | ᠬᠠᠪᠬᠤ ᠳᠤ ᠨᠢᠭᠡ ᠵᠡᠭᠦᠦ ᠳᠤ ᠭᠤᠷᠪᠠᠨ ᠬᠠᠳᠬᠤᠯᠭ᠎ᠠ ᠲᠠᠢ ᠪᠠᠶᠢᠵᠣ᠂ ᠳᠣᠮᠳᠠ ᠶᠢᠨ ᠪᠡᠶ᠎ᠡ ᠲᠠᠢ ᠡᠷᠡᠭᠲᠡᠢ ᠬᠦᠮᠦᠨ ᠤ | ᠴᠢᠰᠴᠣ ᠲᠡᠷᠯᠢᠭ ᠤᠨ ᠬᠠᠪᠠᠭᠠᠰᠣ ᠨᠢ 2.8 ᠲᠦᠮᠡ ᠭᠠᠷᠣᠢ ᠪᠠᠶᠢᠳᠠᠭ᠃ ᠪᠠᠷᠭᠤ ᠴᠢᠰᠴᠣ ᠳᠡᠪᠡᠯ ᠨᠢ ᠶᠣᠰᠣᠲᠠᠢ | ᠪᠠᠷᠭᠤ ᠪᠦᠰᠡᠭᠦᠶᠢᠴᠣᠳ ᠤᠨ ᠭᠠᠷ ᠣᠷᠠᠯᠠᠯ ᠤᠨ ᠭᠠᠶᠢᠬᠠᠮᠰᠢᠭ ᠢ ᠲᠣᠳᠣ ᠢᠯᠡᠷᠡᠭᠦᠯᠦᠭᠰᠡᠨ ᠪᠠᠶᠢᠳᠠᠭ᠃ | ︽ ᠪᠢ ᠪᠠᠷᠭᠤ ᠬᠤᠪᠴᠠᠰᠣ ᠵᠠᠰᠠᠯ ᠤᠨ ᠣᠯᠠᠮᠵᠢᠯᠠᠭᠴᠢ ᠪᠣᠯᠣᠭᠰᠠᠨ ᠤ ᠬᠤᠪᠢ ᠳᠤ ᠬᠠᠪᠠᠭᠠᠰᠣᠲᠠᠢ ᠴᠢᠰᠴᠣ | ᠲᠡᠷᠯᠢᠭ ᠢᠶᠠᠨ ᠪᠦᠬᠦ ᠲᠡᠯᠡᠬᠡᠢ ᠳᠤ ᠲᠡᠮᠳᠡᠭᠯᠡᠭᠦᠯᠵᠦ᠂ ᠳᠠᠶᠠᠩ ᠳᠡᠯᠡᠬᠡᠢ ᠳᠤ ᠣᠬᠠᠭᠤᠯᠣᠨ ᠲᠠᠨᠢᠭᠤᠯᠬᠤ ᠰᠠᠨᠠᠭ᠎ᠠ ᠪᠠᠷ | ᠬᠤᠪᠢ ᠶᠢᠨ ᠰᠦᠢᠳᠬᠡᠯ ᠢᠶᠠᠷ ᠢᠶᠠᠨ ᠲᠣᠰ ᠠᠵᠢᠯᠠᠯᠭ᠎ᠠ ᠶᠢ ᠰᠡᠲᠣᠨ ᠬᠢᠵᠣ ᠪᠠᠶᠢᠭ᠎ᠠ ᠶᠣᠮ︾ ᠭᠡᠵᠣ ᠰᠸ᠊᠂ | ᠣᠷᠠᠨᠴᠢᠮᠡᠭ ᠨᠠᠰᠣᠲᠠᠨ ᠰᠣᠷᠪᠣᠯᠵᠢᠯᠠᠭᠴᠢ ᠳᠤ ᠬᠡᠯᠡᠵᠣ ᠪᠠᠶᠢᠪᠠ᠃ | ᠰᠸ᠊᠂ ᠣᠷᠠᠨᠴᠢᠮᠡᠭ ᠨᠠᠰᠣᠲᠠᠨ ᠪᠣᠯ ᠰᠢᠨ᠎ᠡ ᠪᠠᠷᠭᠤ ᠵᠡᠭᠦᠨ ᠬᠤᠰᠢᠭᠤᠨ ᠤ ᠰᠢᠨᠡᠪᠣᠯᠠᠭ ᠰᠣᠮᠣᠨ ᠤ ᠪᠦᠯᠬᠦᠮᠳᠡᠯ | ᠭᠠᠴᠠᠭᠠᠨ ᠤ ᠮᠠᠯᠴᠢᠨ᠂ ᠡᠨᠡ ᠵᠢᠯ 75 ᠨᠠᠰᠣᠲᠠᠢ᠃ ᠡᠳᠡᠨᠡᠶᠢᠬᠡᠨ ᠶᠣᠰᠣᠲᠠᠢ ᠣᠶᠣᠳᠠᠯᠴᠢᠨ ᠭᠡᠷ ᠪᠦᠯᠢ ᠭᠡᠵᠣ | ᠬᠡᠯᠡᠵᠣ ᠪᠣᠯᠣᠨ᠎ᠠ᠃ ᠣᠳᠣ 4 ᠬᠡᠣᠬᠡᠨ 2 ᠪᠡᠷᠢ ᠨᠢ ᠪᠦᠷ ᠣᠶᠣᠳᠠᠯᠴᠢᠨ ᠪᠣᠯᠵᠠᠢ᠃ ᠨᠡᠩ ᠴᠣ᠋ ᠲᠡᠭᠦᠨ ᠤ ᠶᠡᠭᠡ | ᠬᠡᠣᠬᠡᠨ ᠰᠠᠷᠠᠨᠴᠡᠴᠡᠭ ᠨᠢ ᠦᠪᠡᠷᠲᠡᠭᠡᠨ ᠵᠠᠰᠠᠬᠤ ᠣᠷᠣᠨ ᠤ ᠳᠡᠰ ᠤᠨ ᠣᠶᠣᠳᠠᠯᠴᠢᠨ ᠤ ᠵᠣᠸᠠᠩᠶᠦᠸᠠᠨ ᠤ ᠴᠣᠯᠠ | ᠬᠦᠷᠲᠠᠵᠣ᠂ ᠣᠯᠣᠰ ᠤᠨ ᠳᠡᠰ ᠤᠨ ᠣᠷᠣᠯᠳᠣᠭᠠᠨ ᠳᠤ ᠭᠤᠷᠪᠠᠳᠣᠭᠠᠷ ᠳᠡᠰ ᠤᠨ ᠱᠠᠩᠨᠠᠯ ᠬᠦᠷᠳᠡᠵᠣ ᠦᠩᠭᠡᠷᠡᠵᠡᠢ᠃ | ᠣᠳᠣ ᠲᠡᠳᠡᠨᠡᠶᠢᠬᠡᠨ ᠬᠠᠶᠢᠯᠠᠷ ᠲᠤ 2 ᠳᠣᠮᠣ ᠮᠣᠩᠭᠤᠯ ᠬᠤᠪᠴᠠᠰᠣᠨ ᠤ ᠳᠡᠯᠭᠡᠭᠦᠷ ᠡᠷᠬᠢᠯᠡᠵᠣ ᠪᠣᠢ᠃ ᠲᠣᠰ | ᠣᠳᠠᠭᠠᠨ ᠤ ︽ᠬᠠᠮᠤᠭ ᠤᠨ ᠳᠣᠮᠣ ᠮᠣᠩᠭᠤᠯ ᠳᠡᠪᠡᠯ︾ ᠢ ᠰᠸ᠊᠂ ᠣᠷᠠᠨᠴᠢᠮᠡᠭ ᠦᠪᠡᠷᠲᠡᠭᠡᠨ ᠵᠢᠷᠣᠵᠣ ᠲᠦᠰᠦᠪᠯᠡᠵᠣ | ᠂ ᠶᠡᠭᠡ ᠬᠡᠣᠬᠡᠨ ᠰᠠᠷᠠᠨᠴᠡᠴᠡᠭ ᠨᠢ ᠡᠰᠬᠡᠭᠰᠡᠨ ᠶᠣᠮ᠃ |