ᠲᠠᠷᠢᠶᠠᠯᠠᠬᠤ ᠣᠷᠣᠨ ᠤ ᠲᠠᠷᠢᠶᠠᠨ ᠭᠠᠵᠠᠷ ᠨᠢ ᠰᠢᠨ᠎ᠡ ᠪᠠᠷᠭᠤ ᠵᠡᠬᠦᠨ ᠬᠤᠰᠢᠭᠤᠨ ᠤ ᠨᠣᠳᠤᠭ ᠪᠡᠯᠴᠢᠭᠡᠷ ᠎ ᠤᠨ ᠠᠴᠢᠶᠠᠯᠠᠯ ᠢ ᠭᠦᠡᠭᠭᠡᠷᠡᠭᠦᠯᠵᠦ᠂ ᠮᠠᠯᠴᠢᠳ ‍ᠣᠨ‌ᠡᠪᠣᠯ ᠤᠨ ᠵᠠᠷᠣᠴᠠᠯᠭ᠎ᠠ ᠶᠢ ᠪᠠᠭᠠᠰᠬᠠᠵᠦ ᠪᠠᠶᠢᠨ᠎ᠠ
ᠨᠡᠶᠢᠲᠡᠯᠡᠭᠰᠡᠨ ᠴᠠᠭ᠄
2017-12-21
    ᠰᠢᠨ᠎ᠡ ᠪᠠᠷᠭᠤ ᠵᠡᠬᠦᠨ ᠬᠤᠰᠢᠭᠤᠨ ᠤ ᠮᠠᠯᠴᠢᠳ 11 ᠳ᠋ᠣᠭᠠᠷ ᠰᠠᠷ᠎ᠠ ᠶᠢᠨ10᠎ ᠤ ᠡᠳᠣᠷ ᠠᠴᠠ ᠡᠬᠢᠯᠡᠨ᠂ ᠲᠠᠷᠢᠶᠠᠯᠠᠬᠤ ᠣᠷᠣᠨ ᠣᠷᠣᠭᠤ ᠨᠡᠬᠦᠵᠦ᠂ ᠣᠳᠣᠬᠠᠨ ᠪᠣᠯᠳᠠᠯ᠎ᠠ ᠨᠢᠭᠡᠨᠳᠡ14  ᠭᠠᠷᠣᠢ ᠲᠦᠮᠡᠨ ᠲᠣᠯᠣᠭᠠᠢ ᠪᠣᠭ ᠪᠣᠳᠡ ᠮᠠᠯ  ᠬᠠᠷᠣᠮᠦ᠋ᠷᠦᠨ ᠮᠣᠵᠢ᠂ ᠬᠢᠷᠢᠨ ᠮᠣᠵᠢ ᠪᠠ ᠬᠢᠨᠭ᠍ᠭᠠᠨ ᠠᠶᠢᠮᠠᠭ ᠵᠡᠷᠭᠡ ᠭᠠᠵᠠᠷ ᠤᠳ ᠲᠤ ᠨᠡᠬᠦᠨ ᠭᠦᠷᠦᠭᠰᠡᠨ ᠪᠠᠶᠢᠨ᠎ᠠ᠃ ᠲᠠᠷᠢᠶᠠᠯᠠᠬᠤ ᠣᠷᠣᠨ ᠳᠤ ᠡᠪᠦᠯᠵᠢᠵᠦ ᠪᠠᠶᠢᠭ᠎ᠠ ᠮᠠᠯᠴᠢᠳ ᠶᠠᠮᠠᠷᠰᠢᠣ ᠠᠵᠦ ᠲᠦᠷᠦᠵᠦ᠂ ᠮᠠᠯ ᠎ ᠤᠨ ᠲᠡᠷᠭᠤ ᠭᠦᠴᠦ ᠭᠡᠷᠭᠢᠨ ᠪᠠᠶᠢᠭ᠎ᠠ ᠶᠢ ᠣᠶᠢᠯᠭᠠᠬᠤ ᠶᠢᠨ ᠲᠦᠯᠦᠭᠡ᠂ ᠣᠶᠢᠷ᠎ᠠ ᠶᠢᠨ ᠡᠳᠣᠷ ᠰᠣᠷᠪᠣᠯᠵᠢᠯᠠᠭᠴᠢ ᠬᠢᠷᠢᠨ ᠮᠣᠵᠢ ᠶᠢᠨ ᠪᠠᠢ ᠴᠧᠩ ᠬᠤᠳᠠ ᠶᠢ ᠵᠣᠷᠢᠯ᠎ᠠ᠃     ᠨᠣᠮᠣᠬᠠᠨᠪᠦ᠋ᠷᠢᠳᠦ ᠭᠠᠴᠠᠭᠠᠨ ᠤ ᠮᠠᠯᠴᠢᠨ ᠲ᠊᠂ ᠬᠤᠪᠢᠰᠬᠠᠯᠳᠦ ᠶᠢᠨ 1200 ᠭᠠᠷᠣᠢ ᠬᠤᠨᠢ ᠡᠨᠡ ᠰᠢᠭᠤᠢ ᠎ ᠶᠢᠨ ᠲᠠᠯᠠᠪᠠᠢ ᠳᠤ ᠨᠡᠬᠦᠨ ᠢᠷᠡᠭᠡᠳ ᠨᠢᠭᠡᠨᠳᠡ 20 ᠡᠳᠣᠷ ᠪᠣᠯᠵᠦ ᠪᠠᠶᠢᠭ᠎ᠠ ᠪᠦᠭᠡᠳ᠂ ᠲᠡᠷᠡ ᠰᠠᠷ᠎ᠠ ᠳᠤ 5000 ᠲᠦᠭᠦᠷᠢᠭ ᠤᠨ ᠭᠦᠯᠦᠰᠦ ᠪᠠᠷ ᠬᠤᠨᠢᠴᠢᠨ ᠵᠠᠷᠣᠵᠡᠢ᠃  ᠲᠠᠷᠢᠶᠠᠯᠠᠬᠤ ᠭᠠᠵᠠᠷ ᠬᠤᠨᠢ ᠨᠢ ᠶᠠᠮᠠᠷᠰᠢᠦ ᠪᠣᠯᠵᠦ ᠪᠠᠶᠢᠭ᠎ᠠ ᠪᠣᠯ ᠭᠡᠰᠡᠨ ᠰᠡᠳᠬᠢᠯ ᠢᠶᠠᠨ ᠲᠠᠷᠣᠵᠦ ᠶᠠᠳᠠᠨ᠂ ᠦᠪᠡᠷ ᠤᠨ ᠣᠳᠣᠷ ᠣᠷᠣᠭᠤ ᠪᠠᠨ ᠶᠠᠭᠠᠷᠠᠨ ᠴᠢᠭᠯᠡᠯ᠎ᠠ᠃     ᠬᠤᠨᠢᠨ ᠤ ᠲᠠᠷᠭᠤ ᠮᠠᠭᠤᠳᠠᠭ᠎ᠠ ᠦᠭᠡᠢ ᠮᠦᠷᠳᠡᠭᠡᠨ ᠬᠠᠷᠢᠨ ᠣᠯᠠᠮ ᠴᠦ ᠦᠡᠭᠭᠡ ᠣᠷᠣᠭᠰᠡᠨ ᠨᠢ ᠲ᠊᠂ ᠬᠤᠪᠢᠰᠬᠠᠯᠳᠦ ᠶᠢᠨ ᠰᠠᠨᠠᠭᠠᠨ ᠳᠤ ᠦᠭᠡᠢ ᠵᠦᠢᠯ ᠪᠠᠶᠢᠵᠡᠢ᠃ ᠨᠡᠩ ᠢᠯᠡᠭᠭᠤᠶ᠎ᠠ ᠰᠣᠮᠣᠨ ᠤ ᠣᠳᠣᠷᠢᠳᠣᠯᠭ᠎ᠠ ᠪᠠ ᠰᠢᠭᠤᠢ ᠶᠢᠨ ᠲᠠᠯᠠᠪᠠᠢ ᠶᠢᠨ ᠲᠣᠬᠢᠷᠠᠯᠴᠠᠭ᠎ᠠ ᠪᠠᠷ ᠲᠠᠮᠵᠢᠨ᠂ ᠲᠣᠰ ᠰᠢᠭᠤᠢ ᠶᠢᠨ ᠲᠠᠯᠪᠠᠢ ᠳᠤ ᠡᠪᠣᠯᠵᠢᠬᠦ ᠳᠤ ᠮᠦᠡᠭᠭᠦ ᠲᠦᠭᠦᠷᠢᠭ ᠭᠡᠵᠦ ᠲᠦᠯᠦᠬᠦ ᠴᠢᠬᠤᠯᠠ ᠦᠭᠡᠢ ᠭᠡᠮᠡᠨ ᠮᠡᠳᠡᠭᠳᠡᠪᠡ᠃ ᠡᠬᠦᠨ ᠢ ᠰᠣᠨᠣᠰᠣᠭᠰᠡᠨ ᠤ ᠲᠠᠷᠠᠭ᠎ᠠ ᠲ᠊᠂ ᠬᠤᠪᠢᠰᠬᠠᠯᠳᠦ ᠪᠢᠳᠡᠨ ᠳᠤ ᠭᠡᠯᠡᠬᠦ ᠳᠡᠭᠡᠨ᠄ 3 ᠰᠠᠷ᠎ᠠ ᠶᠢᠨ ᠰᠡᠭᠦᠯᠴᠢ ᠪᠠᠷ ᠨᠣᠳᠤᠭ ᠪᠣᠴᠠᠬᠤ ᠭᠦᠷᠳᠡᠯ᠎ᠡ᠂ ᠲᠡᠷᠡ ᠰᠠᠷ᠎ᠠ ᠳᠤ ᠬᠤᠨᠢᠴᠢᠨ ᠤ ᠭᠦᠯᠦᠰᠦ5000 ᠲᠦᠭᠦᠷᠢᠭ ᠪᠠ ᠬᠤᠨᠢᠨ ᠤ ᠠᠴᠢᠵᠦ ᠲᠡᠭᠡᠭᠡᠪᠦᠷᠢᠯᠡᠬᠦ 2 ᠲᠦᠮᠨ ᠭᠠᠷᠣᠢ ᠲᠦᠭᠦᠷᠢᠭ ᠠᠴᠠ ᠦᠭᠡᠷ᠎ᠡ ᠵᠠᠷᠣᠳᠠᠯ ᠦᠭᠡᠢ ᠪᠣᠯᠵᠦ᠂ ᠡᠨᠡ ᠡᠪᠣᠯ ᠮᠠᠯ ᠨᠢ ᠮᠡᠨᠳᠦ ᠦᠡᠭᠭᠡᠷᠡᠭᠦᠯᠪᠡᠯ᠂ ᠲᠡᠷᠡ ᠠᠷᠪᠠᠭᠠᠳ ᠲᠦᠮᠡᠨ ᠲᠦᠭᠦᠷᠢᠭ ᠠᠷᠪᠢᠯᠠᠵᠦ ᠴᠢᠳᠠᠨ᠎ᠠ ᠭᠡᠵᠦ ᠪᠠᠶᠢᠯ᠎ᠠ᠃     ᠲᠣᠰ ᠰᠢᠭᠤᠢ ᠶᠢᠨ ᠲᠠᠯᠠᠪᠠᠢ ᠨᠢ 3 ᠲᠦᠮᠡᠨ ᠮᠣ᠋ ᠲᠠᠷᠢᠶᠠᠨ ᠭᠠᠵᠠᠷ ᠲᠠᠢ ᠪᠠᠶᠢᠵᠦ᠂ ᠭᠤᠣᠯᠳᠠᠭᠤ ᠡᠷᠳᠡᠨᠢ ᠰᠢᠰᠢ᠂ ᠨᠠᠷᠢ ᠪᠣᠳᠠᠭ᠎ᠠ᠂  ᠭᠤᠣᠯᠢᠶᠠᠩ ᠪᠣᠳᠠᠭ᠎ᠠ᠂ ᠲᠠᠷᠪᠣᠰ ᠪᠠ ᠨᠠᠷᠠᠨ ᠬᠤᠸᠠᠷ ᠤᠨ ᠦᠷ᠎ᠡ ᠲᠠᠷᠢᠳᠠᠭ᠂ ᠲᠠᠷᠢᠶᠠᠨ ᠭᠠᠵᠠᠷ ᠲᠤ ᠬᠤᠨᠢᠨ ᠰᠦᠷᠦᠭ ᠪᠠᠯᠴᠢᠭᠡᠬᠦ ᠨᠢ ᠲᠠᠯ᠎ᠠ ᠨᠣᠳᠤᠭ ᠲᠤ ᠪᠡᠯᠴᠢᠭᠡᠬᠦ ᠲᠠᠢ ᠠᠳᠠᠯᠢ ᠦᠭᠡᠢ ᠪᠠᠶᠢᠳᠠᠭ  ᠂ ᠡᠷᠳᠡᠨᠢ ᠰᠢᠰᠢ ᠶᠢᠨ ᠦᠷ᠎ᠡ ᠶᠢ ᠬᠤᠨᠢ ᠶᠡᠭᠡ ᠭᠡᠮᠵᠢᠶ᠎ᠡ ᠪᠠᠷ ᠢᠳᠡᠪᠡᠯ᠂ ᠬᠤᠨᠢᠨ ᠤ ᠬᠤᠳᠣᠭᠠᠳᠦ ᠭᠦᠭᠡᠭᠡᠬᠦ᠂ ᠢᠳᠡᠰᠢ ᠰᠢᠩᠭᠡᠬᠦ ᠦᠭᠡᠢ ᠵᠡᠷᠭᠡ ᠠᠰᠠᠭᠤᠳᠠᠯ ᠠᠮᠠᠷᠬᠠᠨ ᠡᠭᠦᠰᠳᠡᠭ ᠶᠤᠮ ᠪᠠᠶᠢᠨ᠎ᠠ᠃ ᠡᠶᠢᠮᠦ ᠠᠴᠠ ᠬᠤᠨᠢᠴᠢᠨ ᠵᠠᠪᠠᠯ ᠬᠤᠨᠢᠨ ᠰᠦᠷᠦᠭ ᠠᠴᠠ ᠰᠠᠯᠣᠯ ᠦᠭᠡᠢ ᠲᠠᠭᠠᠵᠦ᠂ ᠬᠤᠨᠢᠨ ᠤ ᠪᠠᠶᠢᠳᠠᠯ ᠢ ᠴᠠᠭ ᠲᠣᠬᠠᠢ ᠳᠤᠨᠢ ᠠᠩᠬᠠᠷᠴᠦ ᠪᠠᠶᠢᠬᠤ ᠴᠢᠬᠤᠯᠳᠡᠢ᠃     ᠬᠠᠳᠠᠭᠠᠢ ᠰᠣᠮᠣᠨ ᠤ ᠪᠠᠶᠠᠨᠪᠦ᠋ᠷᠢᠳᠦ ᠭᠠᠴᠠᠭᠠᠨ ᠤ ᠮᠠᠯᠴᠢᠨ ᠠᠯᠳᠠᠩᠭᠤᠸ᠎ᠠ᠂ ᠦᠨᠦᠳᠦᠷ ᠪᠠᠰᠠ ᠲᠠᠷᠢᠶᠠᠨ ᠭᠠᠵᠠᠷ ᠲᠤ ᠪᠠᠶᠢᠭ᠎ᠠ ᠣᠳᠣᠷ ᠳᠠᠭᠠᠨ ᠭᠦᠷᠴᠦ ᠢᠷᠡᠪᠡ᠃ ᠲᠡᠳᠡᠨ ᠤ ᠬᠤᠨᠢᠴᠢᠨ ᠨᠢ ᠲᠡᠳᠡᠨ ᠳᠤ ᠭᠡᠳᠦᠨ ᠬᠤᠨᠢᠨ ᠎ ᠤ ᠬᠤᠳᠣᠭᠠᠳᠦ ᠭᠦᠭᠡᠭᠡᠭᠦ ᠪᠠᠶᠢᠳᠠᠯ ᠢᠯᠡᠷᠡᠭᠰᠡᠨ ᠭᠡᠵᠦ ᠶᠠᠷᠢᠵᠦ ᠪᠠᠶᠢᠯ᠎ᠠ᠃ ᠠᠯᠳᠠᠩᠭᠤᠸ᠎ᠠ ᠬᠤᠨᠢᠴᠢᠨ ᠳᠠᠭᠠᠨ᠂ ᠬᠤᠨᠢᠨ ᠤ ᠪᠠᠶᠢᠳᠠᠯ ᠢ ᠰᠠᠯᠣᠯ ᠦᠭᠡᠢ ᠠᠩᠬᠠᠷᠴᠦ ᠪᠠᠶᠢᠭᠠᠷᠠᠢ ᠭᠡᠵᠦ ᠰᠠᠨᠠᠭᠤᠯᠵᠦ᠂ ᠬᠤᠨᠢᠨ ᠤ ᠲᠠᠷᠭᠤ ᠭᠦᠴᠦ ᠰᠠᠶᠢᠳᠠᠢ ᠪᠠᠶᠢᠬᠤ ᠶᠢ ᠬᠠᠷᠠᠭᠠᠳ ᠰᠡᠳᠬᠢᠯ ᠮᠠᠰᠢ ᠬᠠᠨᠭ᠍ᠬᠠᠯᠠᠭᠤᠨ ᠪᠠᠶᠢᠯ᠎ᠠ᠃     ᠮᠠᠯᠵᠢᠬᠤ ᠣᠷᠣᠨ ᠠᠴᠠ ᠲᠠᠷᠢᠶᠠᠯᠠᠬᠤ ᠣᠷᠣᠨ ᠳᠤ᠂ ᠲᠠᠯ᠎ᠠ ᠨᠣᠳᠤᠭ ᠠᠴᠠ ᠲᠠᠷᠢᠶᠠᠨ ᠭᠠᠵᠠᠷ ᠲᠤ᠂ 540KM᠎ ᠤᠨ ᠶᠡᠭᠡ ᠨᠡᠬᠦᠳᠡᠯ ᠨᠢ ᠮᠠᠯᠴᠢᠳ ᠲᠤ ᠶᠡᠭᠡ ᠭᠡᠮᠵᠢᠶᠡᠨ ᠤ ᠵᠠᠷᠣᠳᠠᠯ ᠠᠷᠪᠢᠯᠠᠵᠦ ᠦᠭᠴᠦ ᠴᠢᠳᠠᠭᠰᠡᠨ ᠎ ᠢᠶᠠᠷ ᠪᠠᠷᠠᠬᠤ ᠦᠭᠡᠢ᠂ ᠬᠤᠶᠠᠷ ᠭᠠᠵᠠᠷ ᠣᠷᠣᠨ ᠤ ᠬᠠᠷᠢᠯᠴᠠᠨ ᠨᠦᠭᠦᠪᠦᠷᠢᠯᠠᠨ᠂ ᠬᠠᠮᠳᠣᠪᠠᠷ ᠭᠦᠭᠵᠢᠬᠦ ᠰᠢᠨ᠎ᠡ ᠰᠦᠪᠡᠭᠴᠢᠯᠠᠯᠳᠡ ᠪᠠ ᠮᠠᠯᠵᠢᠬᠤ ᠦᠢᠯᠡᠰ ᠤᠨ ᠰᠢᠨ᠎ᠡ ᠭᠦᠭᠵᠢᠯᠳᠡ ᠳᠤ ᠰᠠᠭᠤᠷᠢ ᠲᠠᠯᠪᠢᠨ ᠦᠭᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号