ᠨᠢᠳᠤ ᠪᠠᠨ ᠡᠷᠡᠬᠦᠯ ᠮᠡᠨᠳᠤ ᠪᠠᠶᠢᠯᠭᠠᠶ᠎ᠠ ᠬᠡᠪᠡᠯ᠂ ᠨᠢᠳᠤ ᠪᠠᠨ ᠵᠦᠢ ᠵᠤᠬᠢᠰᠳᠠᠢ ᠬᠠᠮᠠᠭᠠᠯᠠᠵᠤ ᠪᠠᠶᠢᠬᠤ ᠬᠡᠷᠡᠭᠳᠡᠢ | ᠃ ᠨᠢᠳᠤ ᠪᠠᠨ ᠦᠷᠬᠦᠯᠵᠢ ᠵᠠᠷᠤᠳᠠᠭ ᠬᠦᠮᠤᠰ ᠳᠤᠤᠷᠠᠬᠢ ᠬᠡᠳᠤᠨ ᠵᠦᠢᠯ ᠢ ᠠᠩᠬᠠᠷᠤᠭᠠᠷᠠᠢ᠃ | ᠡᠳᠤᠷ ᠳᠤᠳᠤᠮ ᠤᠨ ᠠᠵᠢᠯ ᠠᠮᠢᠳᠤᠷᠠᠯ ᠤᠨ ᠳᠤᠮᠳᠠ ᠪᠠᠨ ᠤᠳᠠᠭᠠᠨ ᠴᠠᠭ ᠢᠶᠠᠷ ᠶᠠᠭᠤᠮ᠎ᠠ ᠦᠵᠡᠬᠦ ᠠᠴᠠ | ᠵᠠᠶᠢᠯᠠᠰᠬᠢᠵᠤ᠂ ᠨᠤᠮ ᠪᠢᠴᠢᠭ ᠤᠡᠭᠰᠢᠬᠤ ᠴᠠᠭ ᠢᠶᠠᠨ ᠠᠯᠢ ᠴᠢᠳᠠᠬᠤ ᠪᠠᠷ ᠪᠠᠭᠠᠰᠬᠠᠨ᠎ᠠ᠃ ᠨᠢᠳᠤ ᠬᠦᠰᠢᠵᠤ ᠪᠠᠶᠢᠪᠠᠯ | ᠂ ᠨᠢᠳᠤ ᠪᠠᠨ 1 ~ 20 ᠮᠢᠨᠦ᠋ᠲ ᠠᠨᠢᠵᠤ ᠠᠮᠠᠷᠠᠭᠤᠯᠬᠤ ᠪᠤᠶᠤ ᠬᠤᠯᠠ ᠶᠢ ᠪᠠᠷᠠᠯᠠᠨ ᠬᠠᠷᠠᠵᠤ ᠪᠤᠯᠤᠨ᠎ᠠ᠃ | ᠨᠢᠳᠤ ᠪᠠᠨ ᠳᠤᠭᠤᠷᠢᠭᠤᠯᠤᠨ ᠨᠤᠬᠤᠨ ᠢᠯᠢᠨ᠎ᠠ᠃ ᠡᠬᠦᠨ ᠳᠤ ᠨᠢᠳᠤ ᠪᠠᠨ ᠤᠷᠢᠳᠠᠪᠡᠷ 3 ~ 5 ᠮᠢᠨᠦ᠋ᠲ ᠠᠨᠢᠵᠤ | ᠠᠮᠠᠷᠠᠭᠤᠯᠤᠭᠰᠠᠨ ᠤ ᠳᠠᠷᠠᠭ᠎ᠠ ᠬᠤᠶᠠᠷ ᠭᠠᠷ ᠤᠨ ᠠᠯᠠᠭ᠎ᠠ ᠪᠠᠨ ᠱᠦᠷᠬᠦᠬᠡᠨ ᠬᠠᠯᠠᠭᠠᠭᠠᠳ᠂ ᠬᠠᠯᠠᠭᠤᠨ | ᠠᠯᠠᠭ᠎ᠠ ᠪᠠᠷ ᠢᠶᠠᠨ ᠨᠢᠳᠤ ᠪᠠᠨ ᠳᠠᠷᠤᠵᠤ᠂ ᠴᠠᠭ ᠤᠨ ᠵᠡᠬᠦᠤ ᠶᠢᠨ ᠴᠢᠭᠯᠡᠯ ᠳᠠᠭᠠᠤ 5 ᠤᠳᠠᠭ᠎ᠠ ᠪᠠ ᠴᠠᠭ ᠤᠨ | ᠵᠡᠬᠦᠤ ᠶᠢᠨ ᠡᠰᠡᠷᠬᠦ ᠴᠢᠭᠯᠡᠯ ᠢᠶᠠᠷ 5 ᠤᠳᠠᠭ᠎ᠠ ᠡᠷᠬᠢᠬᠦᠯᠤᠨ ᠨᠢᠳᠤᠨ ᠤ ᠬᠡᠰᠡᠭ ᠢᠶᠠᠨ 3 ~ 4 ᠤᠳᠠᠭ᠎ᠠ ᠨᠤᠬᠤᠨ᠎ᠠ᠃ | ᠨᠢᠳᠤᠨ ᠤ ᠰᠢᠷ᠎ᠠ ᠳᠤᠯᠪᠤᠳᠤ ᠡᠪᠡᠳᠴᠢᠨ ᠪᠠ ᠴᠠᠭᠠᠨ ᠬᠠᠷᠠᠩ ᠡᠪᠡᠳᠴᠢᠨ ᠲᠠᠢ ᠬᠦᠮᠤᠨ ᠪᠤᠯ ᠨᠢᠳᠤ ᠬᠢᠯᠠᠰᠬᠤ | ᠶᠠᠪᠤᠳᠠᠯ ᠠᠴᠠ ᠵᠠᠶᠢᠯᠠᠰᠬᠢᠵᠤ᠂ ᠭᠠᠳᠠᠨ᠎ᠠ ᠶᠠᠪᠤᠵᠤ ᠰᠠᠭᠤᠬᠤ ᠳᠠᠭᠠᠨ ᠰᠠᠷᠠᠪᠴᠢ ᠲᠠᠢ ᠮᠠᠯᠠᠭᠠᠢ ᠡᠮᠤᠰᠴᠤ ᠬᠠᠷ᠎ᠠ ᠰᠢᠯ | ᠵᠡᠬᠦᠬᠦ ᠬᠡᠷᠡᠭᠳᠡᠢ᠃ | ᠰᠢᠬᠢᠷ ᠰᠢᠵᠢᠩ ᠡᠪᠡᠳᠴᠢᠨ ᠲᠠᠢ ᠬᠦᠮᠤᠨ ᠪᠤᠯ ᠰᠠᠨᠠᠭ᠎ᠠ ᠰᠡᠳᠬᠢᠯ ᠢᠶᠠᠨ ᠪᠠᠶᠠᠷ ᠪᠠᠶᠠᠰᠬᠤᠯᠠᠩᠳᠠᠢ ᠪᠠᠶᠢᠯᠭᠠᠬᠤ | ᠪᠠ ᠴᠢᠰᠤᠨ ᠰᠢᠬᠢᠷ ᠤᠨ ᠬᠡᠮᠵᠢᠶ᠎ᠠ ᠪᠤᠯᠤᠨ ᠴᠢᠰᠤᠨ ᠳᠠᠷᠤᠯᠳᠠ ᠪᠠᠨ ᠳᠡᠭᠰᠢ ᠪᠠᠶᠢᠯᠭᠠᠬᠤ ᠶᠢ ᠠᠩᠬᠠᠷᠤᠨ᠎ᠠ᠃ ᠰᠢᠬᠢᠷ | ᠰᠢᠵᠢᠩ ᠡᠪᠡᠳᠴᠢᠨ ᠤ ᠴᠢᠨᠠᠷᠳᠠᠢ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ ᠪᠤᠯ ᠰᠢᠬᠢᠷ ᠰᠢᠵᠢᠩ | ᠡᠪᠡᠳᠴᠢᠨ ᠠᠴᠠ ᠪᠤᠯᠤᠭᠰᠠᠨ ᠬᠠᠮᠤᠭ ᠤᠨ ᠬᠦᠨᠳᠤ ᠬᠡᠴᠡᠬᠦᠤ ᠨᠢᠳᠤᠨ ᠤ ᠡᠪᠡᠳᠴᠢᠨ ᠪᠤᠯᠤᠨ᠎ᠠ᠃ ᠬᠦᠮᠤᠨ ᠤ ᠪᠡᠶ᠎ᠠ | ᠮᠠᠬᠠᠪᠤᠳ ᠤᠨ ᠴᠢᠰᠤᠨ ᠰᠢᠬᠢᠷ ᠤᠨ ᠬᠡᠮᠵᠢᠶ᠎ᠠ ᠨᠢ ᠳᠤᠭᠳᠠᠪᠤᠷᠢ ᠦᠬᠡᠢ ᠪᠤᠯᠤᠭᠠᠳ 7 ~ 8 ᠵᠢᠯ ᠪᠤᠯᠬᠤ ᠳᠤ | ᠬᠦᠷᠪᠠᠯ ᠬᠦᠮᠤᠨ ᠤ ᠨᠢᠳᠤ ᠳᠠᠷᠤᠢ ᠬᠡᠮᠳᠤᠯ ᠳᠤ ᠦᠷᠳᠤᠬᠦ ᠪᠤᠯᠤᠨ᠎ᠠ᠃ ᠰᠢᠬᠢᠷ ᠰᠢᠵᠢᠩ ᠡᠪᠡᠳᠴᠢᠨ ᠠᠴᠠ | ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ ᠢ 6 ᠱᠠᠳᠤ ᠪᠠᠷ ᠬᠤᠪᠢᠶᠠᠵᠤ ᠵᠠᠰᠠᠳᠠᠭ᠄ 1 ~ 3 | ᠱᠠᠳᠤᠨ ᠳᠤᠨᠢ ᠭᠤᠤᠯᠳᠠᠭᠤ ᠳᠤᠭᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠯᠳᠠ ᠬᠢᠬᠦ ᠶᠢ ᠪᠠᠷᠢᠮᠳᠠᠯᠠᠨ᠎ᠠ︔ 4 ~ 6 | ᠱᠠᠳᠤᠨ ᠳᠤ ᠤᠷᠤᠪᠠᠯ᠂ ᠬᠦᠮᠤᠨ ᠤ ᠨᠢᠳᠤᠨ ᠤ ᠳᠤᠤᠷᠯᠢᠬ ᠪᠦᠷᠬᠦᠪᠴᠢ ᠳᠤ ᠤᠯᠠᠨ ᠠᠷᠪᠢᠨ ᠰᠢᠨ᠎ᠠ ᠴᠢᠰᠤᠨ | ᠰᠤᠳᠠᠯ ᠤᠷᠭᠤᠭᠠᠳ ᠨᠢᠳᠤᠨ ᠤ ᠳᠤᠤᠷᠯᠢᠬ ᠪᠦᠷᠬᠦᠪᠴᠢ ᠶᠢ ᠡᠪᠳᠡᠳᠡᠭ᠂ ᠢᠡᠭᠬᠢᠬᠡᠳ ᠬᠦᠮᠤᠨ ᠤ ᠨᠢᠳᠤ ᠴᠠᠭ | ᠮᠦᠴᠠ ᠦᠬᠡᠢ ᠬᠠᠷᠠᠭ᠎ᠠ ᠠᠯᠳᠠᠬᠤ ᠠᠶᠤᠯ ᠲᠠᠢ᠃ ᠬᠦᠮᠤᠨ ᠤ ᠨᠢᠳᠤᠨ ᠠᠴᠠ ᠭᠠᠷᠤᠭᠰᠠᠨ ᠴᠢᠰᠤ ᠬᠠᠳᠠᠬᠤ ᠦᠬᠡᠢ | ᠪᠠᠶᠢᠪᠠᠯ᠂ ᠨᠢᠳᠤᠨ ᠤ ᠮᠠᠰᠠ ᠵᠠᠰᠠᠯ ᠢ ᠳᠠᠷᠦ᠋ᠢᠬᠠᠨ ᠬᠢᠬᠦ ᠬᠡᠷᠡᠭᠳᠡᠢ᠃ ᠬᠢᠳᠡᠳ ᠡᠮᠴᠢ ᠨᠠᠷ ᠤᠨ ᠦᠵᠡᠬᠦ ᠪᠠᠷ᠂ ᠡᠨᠡ | ᠦᠶ᠎ᠠ ᠳᠤ ᠡᠪᠡᠳᠴᠢᠳᠠᠨ ᠤ ᠬᠡᠢ ᠪᠠ ᠪᠢᠯᠢᠭ ᠨᠢ ᠳᠤᠷᠦ᠋ᠢᠳᠠᠭᠰᠠᠨ ᠪᠠᠶᠢᠳᠠᠭ ᠳᠤᠯᠠ ᠬᠡᠢ ᠪᠠ ᠪᠢᠯᠢᠭ ᠢ ᠨᠢ | ᠳᠡᠵᠢᠬᠡᠵᠤ ᠴᠢᠰᠤᠨ ᠡᠷᠬᠢᠯᠳᠠ ᠶᠢ ᠨᠢ ᠰᠠᠶᠢᠵᠢᠷᠠᠭᠤᠯᠬᠤ ᠵᠡᠷᠬᠡ ᠡᠮ ᠢ ᠤᠷᠳᠤ ᠬᠤᠭᠤᠴᠠᠭ᠎ᠠ ᠪᠠᠷ ᠵᠠᠷᠤᠪᠠᠯ᠂ | ᠡᠪᠡᠳᠴᠢᠨ ᠤ ᠢᠯᠡᠷᠢ ᠪᠤᠯᠬᠤ ᠳᠤᠨᠢ ᠳᠤᠰᠠᠳᠠᠢ ᠪᠠᠶᠢᠳᠠᠭ᠃ | ᠨᠢᠳᠤᠨ ᠤ ᠰᠢᠷ᠎ᠠ ᠳᠤᠯᠪᠤᠳᠤ ᠡᠪᠡᠳᠴᠢᠨ ᠪᠤᠯ ᠨᠢᠬᠡᠨ ᠳᠡᠯᠡᠬᠡᠢ ᠶᠢᠨ ᠴᠢᠨᠠᠷᠳᠠᠢ ᠡᠮᠨᠡᠬᠦᠶᠠ ᠪᠡᠷᠬᠡ ᠵᠠᠰᠠᠪᠤᠷᠢ | ᠦᠬᠡᠢ ᠡᠪᠡᠳᠴᠢᠨ ᠪᠤᠯᠤᠨ᠎ᠠ᠃ ᠤᠳᠤ ᠡᠶᠢᠮᠤ ᠡᠪᠡᠳᠴᠢᠨ ᠳᠤ ᠨᠡᠷᠪᠡᠭᠳᠡᠭᠰᠡᠳ ᠤᠯᠠᠮ ᠠᠴᠠ ᠤᠯᠠᠮ ᠤᠯᠠᠰᠢᠷᠠᠵᠤ | ᠪᠠᠶᠢᠨ᠎ᠠ᠃ ᠮᠠᠨ ᠤ ᠤᠯᠤᠰ ᠲᠤ 45 ᠨᠠᠰᠤᠨ ᠠᠴᠠ ᠳᠡᠬᠡᠭᠰᠢᠬᠢ ᠬᠦᠮᠤᠰ ᠤᠨ 6% ~ 17% ᠨᠢ ᠡᠶᠢᠮᠤ | ᠡᠪᠡᠳᠴᠢᠨ ᠳᠤ ᠨᠡᠷᠪᠡᠭᠳᠡᠵᠤ ᠪᠠᠶᠢᠳᠠᠭ᠃ ᠨᠢᠳᠤᠨ ᠤ ᠰᠢᠷ᠎ᠠ ᠳᠤᠯᠪᠤᠳᠤ ᠡᠪᠡᠳᠴᠢᠨ ᠢ ᠪᠠᠰᠠ ᠨᠢᠳᠤᠨ ᠤ ᠬᠠᠳᠠᠵᠤ | ᠠᠪᠴᠢᠬᠤ ᠴᠢᠨᠠᠷᠳᠠᠢ ᠪᠠ ᠨᠠᠪᠴᠢᠵᠤ ᠭᠠᠷᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠬᠡᠵᠤ ᠬᠤᠶᠠᠷ ᠵᠦᠢᠯ ᠳᠤ | ᠬᠤᠪᠢᠶᠠᠨ ᠬᠡᠯᠡᠳᠡᠭ᠃ ᠨᠢᠳᠤᠨ ᠤ ᠬᠠᠳᠠᠵᠤ ᠠᠪᠴᠢᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠨᠢ ᠠᠯᠭᠤᠷ ᠢᠶᠠᠷ | ᠬᠦᠨᠳᠤᠷᠡᠵᠤ᠂ ᠡᠪᠡᠳᠴᠢᠨ ᠲᠠᠢ ᠬᠦᠮᠤᠨ ᠤ ᠬᠠᠷᠠᠭ᠎ᠠ ᠨᠢ ᠠᠭᠠᠵᠢᠮ ᠢᠶᠠᠷ ᠮᠠᠭᠤᠳᠠᠳᠠᠭ᠃ ᠨᠢᠳᠤᠨ ᠤ ᠨᠠᠪᠴᠢᠵᠤ | ᠭᠠᠷᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠨᠢ ᠳᠦᠷᠬᠡᠨ ᠬᠦᠨᠳᠤᠷᠡᠵᠤ᠂ ᠡᠪᠡᠳᠴᠢᠳᠠᠨ ᠨᠢᠬᠡᠮᠤᠰᠤᠨ ᠬᠠᠷᠠᠭ᠎ᠠ | ᠠᠯᠳᠠᠳᠠᠭ᠃ ᠡᠶᠢᠮᠤ ᠠᠴᠠ ᠨᠢᠳᠤᠨ ᠤ ᠰᠢᠷ᠎ᠠ ᠳᠤᠯᠪᠤᠳᠤ ᠡᠪᠡᠳᠴᠢᠨ ᠢ ᠡᠷᠳᠡᠬᠡᠨ ᠪᠠᠶᠢᠴᠠᠭᠠᠯᠭᠠᠵᠤ ᠡᠷᠳᠡᠬᠡᠨ | ᠡᠮᠨᠡᠬᠦᠯᠤᠨ ᠵᠠᠰᠠᠭᠤᠯᠬᠤ ᠬᠡᠷᠡᠭᠳᠡᠢ᠃ ᠨᠢᠳᠤᠨ ᠤ ᠠᠪᠴᠢᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠢ ᠡᠸᠦ᠋ᠷᠤᠫᠡ | ᠡᠮᠨᠡᠯᠬᠡ ᠪᠠᠷ ᠵᠠᠰᠠᠬᠤ ᠳᠤ ᠡᠮᠴᠢ ᠨᠠᠷ ᠶᠡᠷᠤᠳᠡᠬᠡᠨ ᠡᠪᠡᠳᠴᠢᠳᠠᠨ ᠳᠤ ᠬᠤᠯᠤᠤᠪᠠᠨᠭ᠌ ᠤᠨ ᠡᠳ᠋ ᠠᠭᠤᠯᠤᠭᠰᠠᠨ | ᠡᠷᠡᠬᠦᠯᠵᠢᠯ ᠤᠨ ᠡᠮ ᠪᠤᠯᠤᠨ ᠸᠢᠲ᠋ᠠᠮᠢᠨ ᠤ ᠳᠦᠷᠤᠯ ᠤᠨ ᠡᠮ ᠢ ᠤᠤᠭᠤᠯᠭᠠᠳᠠᠭ᠃ ᠬᠢᠳᠡᠳ ᠡᠮᠨᠡᠯᠬᠡ ᠶᠢᠨ ᠬᠢᠨ ᠪᠤᠯ | ᠡᠪᠡᠳᠴᠢᠳᠠᠨ ᠤ ᠪᠠᠶᠢᠳᠠᠯ ᠢ ᠦᠵᠡᠵᠤ ᠪᠠᠶᠢᠭᠠᠳ ᠢᠳᠡᠬᠡᠨ ᠢ ᠨᠢ ᠳᠤᠬᠢᠷᠠᠭᠤᠯᠬᠤ ᠪᠤᠶᠤ ᠡᠮ ᠵᠠᠷᠤᠬᠤ ᠠᠷᠭ᠎ᠠ ᠶᠢ | ᠠᠪᠴᠤ ᠪᠠᠶᠢᠳᠠᠭ᠃ ᠡᠳᠡᠬᠡᠷ ᠠᠷᠭ᠎ᠠ ᠨᠢ ᠡᠪᠡᠳᠴᠢᠳᠠᠨ ᠤ ᠬᠠᠷᠠᠭ᠎ᠠ ᠶᠢ ᠰᠠᠶᠢᠵᠢᠷᠠᠭᠤᠯᠬᠤ ᠪᠤᠶᠤ ᠬᠠᠷᠠᠭ᠎ᠠ | ᠮᠠᠭᠤᠳᠠᠬᠤ ᠳᠦᠷᠬᠡᠴᠠ ᠶᠢ ᠨᠢ ᠤᠳᠠᠭᠠᠰᠢᠷᠠᠭᠤᠯᠬᠤ ᠤᠢᠢᠯᠡᠳᠤᠯ ᠲᠠᠢ᠃ ᠨᠢᠳᠤᠨ ᠤ ᠨᠠᠪᠴᠢᠵᠤ ᠭᠠᠷᠬᠤ ᠴᠢᠨᠠᠷᠳᠠᠢ | ᠰᠢᠷ᠎ᠠ ᠳᠤᠯᠪᠤᠳᠤ ᠡᠪᠡᠳᠴᠢᠨ ᠪᠤᠯ ᠡᠮᠨᠡᠵᠤ ᠵᠠᠰᠠᠬᠤ ᠳᠤ ᠳᠦᠪᠡᠭᠳᠡᠢ ᠡᠪᠡᠳᠴᠢᠨ ᠶᠤᠮ᠃ ᠡᠨᠡᠬᠦ ᠡᠪᠡᠳᠴᠢᠨ ᠢ | ᠵᠠᠰᠠᠬᠤ ᠳᠤ ᠡᠸᠦ᠋ᠷᠤᠫᠡ ᠪᠠ ᠬᠢᠳᠡᠳ ᠡᠮᠨᠡᠯᠬᠡ ᠶᠢ ᠤᠶᠠᠯᠳᠤᠭᠤᠯᠪᠠᠯ ᠨᠡᠯᠢᠶᠡᠳ ᠰᠠᠶᠢᠨ ᠪᠠᠶᠢᠳᠠᠭ᠃ ᠳᠤᠬᠠᠢᠢᠯᠠᠪᠠᠯ᠂ | ᠤᠷᠢᠳᠠᠪᠡᠷ ᠬᠢᠳᠡᠳ ᠡᠮ ᠵᠠᠷᠤᠵᠤ ᠨᠢᠳᠤᠨ ᠠᠴᠠ ᠭᠠᠷᠤᠭᠰᠠᠨ ᠴᠢᠰᠤ ᠶᠢ ᠨᠢ ᠬᠠᠳᠠᠭᠠᠭᠠᠳ᠂ ᠰᠢᠷ᠎ᠠ ᠳᠤᠯᠪᠤᠳᠤ | ᠡᠪᠡᠳᠴᠢᠨ ᠤ ᠭᠤᠯᠤᠮᠳᠠ ᠶᠢ ᠨᠢ ᠪᠠᠭᠠᠰᠬᠠᠨ᠎ᠠ᠂ ᠡᠨᠡᠬᠦ ᠰᠠᠭᠤᠷᠢᠨ ᠳᠡᠬᠡᠷ᠎ᠠ ᠡᠪᠡᠳᠴᠢᠳᠠᠨ ᠤ ᠡᠯᠢᠬᠡ ᠪᠦᠬᠡᠷ᠎ᠠ ᠶᠢ | ᠳᠠᠮᠢᠷᠵᠢᠭᠤᠯᠵᠤ᠂ ᠠᠷᠭ᠎ᠠ ᠪᠢᠯᠢᠭ ᠢ ᠨᠢ ᠳᠡᠭᠰᠢᠷᠡᠬᠦᠯᠤᠨ᠂ ᠨᠢᠳᠤᠨ ᠤ ᠰᠢᠷ᠎ᠠ ᠳᠤᠯᠪᠤ ᠲᠠᠢ ᠬᠡᠰᠡᠭ ᠤᠨ ᠴᠢᠰᠤ | ᠬᠦᠴᠢᠯᠳᠦ᠋ᠷᠦᠭᠴᠢ ᠶᠢᠨ ᠬᠠᠨᠭ᠍ᠭᠠᠯᠳᠠ ᠶᠢ ᠨᠢ ᠰᠠᠶᠢᠵᠢᠷᠠᠭᠤᠯᠵᠤ ᠡᠪᠡᠳᠴᠢᠨ ᠢ ᠨᠢ ᠡᠬᠢ ᠡᠬᠦᠰᠤᠯ ᠠᠴᠠ ᠨᠢ | ᠬᠢᠵᠠᠭᠠᠷᠯᠠᠨ᠎ᠠ᠃ ᠢᠡᠭᠬᠢᠭᠰᠡᠨ ᠤ ᠳᠠᠷᠠᠭ᠎ᠠ ᠡᠪᠡᠳᠴᠢᠳᠠᠨ ᠳᠤ ᠡᠸᠦ᠋ᠷᠤᠫᠡ ᠡᠮ ᠵᠠᠷᠤᠨ᠎ᠠ᠃ | ᠶᠠᠮᠠᠷ ᠪᠠᠶᠢᠳᠠᠯ ᠳᠤᠤᠷ᠎ᠠ ᠨᠢᠳᠤ ᠪᠠᠨ ᠪᠠᠶᠢᠴᠠᠭᠠᠯᠭᠠᠬᠤ ᠪᠤᠢ︖ ᠨᠢᠳᠤ ᠪᠦᠷᠳᠤᠯᠵᠡᠵᠤ᠂ ᠨᠢᠳᠤᠨ ᠳᠤ | ᠬᠡᠵᠢᠶᠡᠳᠠ ᠨᠢᠯᠪᠤᠰᠤ ᠲᠠᠢ ᠪᠠᠶᠢᠬᠤ ᠰᠢᠬ ᠰᠠᠨᠠᠭᠳᠠᠵᠤ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠂ ᠤᠴᠢᠷ ᠨᠢ | ᠡᠨᠡ ᠪᠤᠯ ᠨᠢᠳᠤᠨ ᠤ ᠴᠠᠭᠠᠨ ᠬᠠᠷᠠᠩ ᠡᠪᠡᠳᠴᠢᠨ ᠳᠤ ᠨᠡᠷᠪᠡᠭᠳᠡᠬᠦ ᠬᠡᠵᠤ ᠪᠠᠶᠢᠭ᠎ᠠ ᠢᠯᠡᠷᠡᠯ ᠪᠤᠯᠤᠨ᠎ᠠ︔ ᠨᠢᠳᠤᠨ ᠳᠤ | ᠴᠢᠨᠢ ᠬᠠᠷ᠎ᠠ ᠳᠤᠯᠪᠤ ᠦᠵᠡᠭᠳᠡᠵᠤ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ ᠪᠤᠯ | ᠨᠢᠳᠤᠨ ᠤ ᠰᠢᠯᠯᠢᠭ ᠴᠤᠭᠴᠠ ᠨᠢ ᠪᠤᠯᠠᠩᠬᠢᠷᠳᠤᠬᠤ ᠬᠡᠮ ᠲᠠᠢ ᠪᠤᠯᠵᠤ ᠪᠠᠶᠢᠭ᠎ᠠ ᠶᠢᠨ ᠢᠯᠡᠷᠡᠯ ᠶᠤᠮ︔ ᠰᠦᠨᠢ ᠪᠠᠷ | ᠶᠠᠭᠤᠮ᠎ᠠ ᠳᠤᠳᠤᠷᠬᠠᠢ ᠤᠯᠵᠤ ᠦᠵᠡᠬᠦ ᠦᠬᠡᠢ ᠮᠦᠷᠳᠡᠬᠡᠨ ᠨᠢᠳᠤ ᠴᠢᠨᠢ ᠴᠢᠨᠤᠷᠨᠨ ᠡᠪᠡᠳᠴᠤ ᠪᠠᠶᠢᠪᠠᠯ ᠨᠢᠳᠤ ᠪᠠᠨ | ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ ᠪᠤᠯ ᠨᠢᠳᠤᠨ ᠤ ᠳᠠᠷᠤᠯᠳᠠ ᠦᠨᠳᠤᠷ ᠪᠤᠯᠵᠤ ᠪᠠᠶᠢᠭ᠎ᠠ ᠶᠢᠨ ᠢᠯᠡᠷᠡᠯ | ᠶᠤᠮ︔ ᠨᠠᠰᠤᠳᠠᠶᠢᠴᠤᠳ ᠤᠨ ᠬᠤᠶᠠᠷ ᠨᠢᠳᠤ ᠨᠢ ᠶᠠᠭᠤᠮ᠎ᠠ ᠳᠤᠳᠤᠷᠬᠠᠢ ᠤᠯᠵᠤ ᠦᠵᠡᠬᠦ ᠦᠬᠡᠢ ᠪᠤᠶᠤ ᠶᠠᠭᠤᠮᠠᠨ ᠤ | ᠬᠡᠯᠪᠡᠷᠢ ᠳᠦᠷᠰᠤ ᠨᠢ ᠬᠤᠪᠢᠷᠠᠨ ᠦᠵᠡᠭᠳᠡᠵᠤ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ | ᠪᠤᠯ ᠨᠢᠳᠤᠨ ᠤ ᠰᠢᠷ᠎ᠠ ᠳᠤᠯᠪᠤᠳᠤ ᠡᠪᠡᠳᠴᠢᠨ ᠳᠤ ᠨᠡᠷᠪᠡᠭᠳᠡᠬᠦ ᠬᠡᠵᠤ ᠪᠠᠶᠢᠭ᠎ᠠ ᠢᠯᠡᠷᠡᠯ ᠪᠤᠯᠬᠤ ᠶᠤᠮ᠃ | ᠬᠡᠨᠡᠳᠳᠠ ᠪᠠᠷ ᠨᠢᠬᠡ ᠨᠢᠳᠤ ᠨᠢ ᠪᠠᠶᠢᠨ ᠪᠠᠶᠢᠨ ᠬᠢᠯᠠᠰᠬᠢᠬᠦ ᠭᠱᠠᠨ ᠳᠤ ᠶᠠᠭᠤᠮ᠎ᠠ ᠤᠯᠵᠤ ᠦᠵᠡᠬᠦ ᠦᠬᠡᠢ ᠪᠠᠶᠢᠬᠤ | ᠬᠡᠮ ᠲᠠᠢ ᠪᠤᠯᠤᠭᠰᠠᠨ ᠪᠠᠶᠢᠪᠠᠯ᠂ ᠳᠠᠷᠠ ᠨᠢ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠨᠢ ᠴᠠᠭ | ᠮᠦᠴᠠ ᠦᠬᠡᠢ ᠳᠦᠭᠵᠢᠷᠠᠨ ᠪᠦᠭᠯᠡᠷᠡᠬᠦ ᠠᠶᠤᠯ ᠳᠤ ᠳᠤᠯᠭᠠᠷᠠᠭᠰᠠᠨ ᠪᠠᠶᠢᠭ᠎ᠠ ᠶᠤᠮ᠃ ᠬᠡᠷᠪᠠ ᠨᠢᠳᠤᠨ ᠤ ᠳᠤᠤᠷᠯᠢᠬ | ᠪᠦᠷᠬᠦᠪᠴᠢ ᠶᠢᠨ ᠳᠠᠷᠬᠠᠭᠠᠬᠤ ᠰᠤᠳᠠᠯ ᠨᠢ ᠳᠦᠭᠵᠢᠷᠡᠪᠡᠯ᠂ ᠳᠠᠷᠤᠢ ︽ᠨᠢᠳᠤᠨ ᠤ ᠳᠦᠭᠵᠢᠷᠡᠯ︾ ᠪᠤᠢ ᠪᠤᠯᠵᠤ᠂ | ᠬᠦᠮᠤᠨ ᠤ ᠨᠢᠳᠤ ᠬᠠᠷᠠᠭ᠎ᠠ ᠦᠬᠡᠢ ᠪᠤᠯᠤᠨ᠎ᠠ᠃ ᠡᠶᠢᠮᠤ ᠠᠴᠠ ᠳᠡᠬᠡᠷᠡᠬᠢ ᠮᠡᠳᠤ ᠢᠯᠡᠷᠡᠯ ᠲᠠᠢ ᠪᠤᠯᠤᠭᠰᠠᠨ ᠪᠠᠶᠢᠪᠠᠯ | ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ | ᠨᠢᠳᠤ ᠡᠪ ᠦᠬᠡᠢ ᠪᠤᠯᠤᠭᠰᠠᠭᠠᠷ ᠤᠰᠤᠨ ᠡᠮ ᠳᠤᠰᠤᠭᠠᠬᠤ ᠨᠢ ᠰᠢᠨᠵᠢᠯᠡᠬᠦ ᠤᠬᠠᠭᠠᠨᠴᠢ ᠠᠷᠭ᠎ᠠ ᠤᠤ︖ | ᠬᠠᠯᠳᠤ ᠬᠡᠪᠡᠯ ᠨᠢᠳᠤᠨ ᠳᠡᠭᠡᠨ ᠤᠰᠤᠨ ᠡᠮ ᠳᠤᠰᠤᠭᠠᠵᠤ ᠪᠠᠶᠢᠳᠠᠭ ᠨᠢ ᠵᠦᠪ ᠪᠤᠰᠤ ᠬᠢᠳᠠᠯ ᠶᠤᠮ᠃ ᠨᠢᠳᠤᠨ ᠳᠤ | ᠳᠤᠰᠤᠭᠠᠬᠤ ᠤᠰᠤᠨ ᠡᠮ ᠢ ᠬᠠᠮᠢᠶ᠎ᠠ ᠨᠠᠮᠢᠶ᠎ᠠ ᠦᠬᠡᠢ ᠵᠠᠷᠤᠪᠠᠯ᠂ ᠨᠢᠳᠤᠨ ᠤ ᠨᠢᠯᠪᠤᠰᠤᠨ ᠪᠦᠷᠬᠦᠪᠴᠢ ᠳᠡᠭᠡᠨ | ᠳᠠᠬᠢᠨᠳᠠ ᠰᠡᠳᠤᠯᠳᠠ ᠦᠭᠴᠤ᠂ ᠤᠳᠠᠭᠠᠨ ᠳᠠᠭᠠᠨ ᠨᠢᠳᠤᠨ ᠤ ᠡᠪᠡᠳᠴᠢᠨ ᠢᠶᠠᠨ ᠤᠯᠠᠮ ᠬᠦᠨᠳᠤᠷᠡᠬᠦᠯᠬᠦ ᠪᠤᠯᠤᠨ᠎ᠠ᠃ | ᠨᠢᠳᠤ ᠡᠪ ᠦᠬᠡᠢ ᠪᠤᠯᠪᠠᠯ ᠨᠢᠳᠤᠨ ᠳᠡᠭᠡᠨ ᠡᠪᠡᠰᠤᠨ ᠡᠮ ᠬᠢᠵᠤ ᠪᠤᠴᠠᠯᠭᠠᠭᠰᠠᠨ ᠤᠰᠤᠨ ᠤ ᠠᠭᠤᠷ ᠢᠶᠠᠷ ᠬᠠᠯᠠᠭᠤᠨ | ᠵᠢᠩ ᠪᠠᠷᠢᠵᠤ ᠪᠤᠯᠤᠨ᠎ᠠ᠃ ᠡᠪᠡᠰᠤᠨ ᠡᠮ ᠲᠠᠢ ᠪᠤᠴᠠᠯᠭᠠᠭᠰᠠᠨ ᠤᠰᠤᠨ ᠠᠭᠤᠷ ᠢᠶᠠᠷ ᠨᠢᠳᠤᠨ ᠳᠡᠭᠡᠨ ᠬᠠᠯᠠᠭᠤᠨ | ᠵᠢᠩ ᠪᠠᠷᠢᠬᠤ ᠨᠢ ᠬᠠᠷᠰᠢᠬᠤ ᠴᠢᠨᠠᠷᠳᠠᠢ ᠨᠠᠶᠢᠯᠡᠮᠡᠯ ᠪᠦᠷᠬᠦᠪᠴᠢ ᠶᠢᠨ ᠦᠷᠪᠢᠰᠤᠯ᠂ ᠨᠢᠳᠤ ᠬᠠᠭᠤᠷᠠᠶᠢᠰᠢᠬᠤ ᠬᠡᠮ᠂ | ᠬᠠᠷᠠᠭ᠎ᠠ ᠴᠢᠯᠡᠬᠦ ᠬᠡᠮ᠂ ᠤᠳᠠᠭᠠᠨ ᠴᠢᠨᠠᠷᠳᠠᠢ ᠨᠠᠶᠢᠯᠡᠮᠡᠯ ᠪᠦᠷᠬᠦᠪᠴᠢ ᠶᠢᠨ ᠦᠷᠪᠢᠰᠤᠯ ᠵᠡᠷᠬᠡ ᠶᠢ | ᠢᠯᠡᠷᠢᠰᠢᠬᠦᠯᠬᠦ ᠳᠤ ᠪᠦᠷ ᠳᠤᠰᠠᠳᠠᠢ᠃ ᠦᠷᠬᠦᠯᠵᠢ ᠺᠤᠮᠫᠢᠦ᠋ᠲᠧᠷ ᠢᠶᠠᠷ ᠠᠵᠢᠯᠯᠠᠳᠠᠭ ᠬᠦᠮᠤᠰ ᠤᠳ᠋ᠪᠠᠯ᠎ᠠ᠂ ᠬᠠᠰᠢᠶ ᠠ | ᠪᠤᠷᠴᠠᠭ ᠤᠨ ᠦᠷ᠎ᠠ ᠪᠤᠯᠤᠨ ᠨᠤᠭᠤᠭᠠᠨ ᠴᠠᠢ ᠶᠢ ᠨᠠᠶᠢᠯᠡᠬᠦᠯᠤᠨ ᠴᠢᠢᠯᠡᠬᠡᠳ᠂ ᠬᠠᠯᠠᠭᠤᠨ ᠠᠭᠤᠷ ᠢᠶᠠᠷ ᠨᠢ | ᠨᠢᠳᠤᠨ ᠳᠡᠭᠡᠨ 10 ~ 15 ᠮᠢᠨᠦ᠋ᠲ ᠵᠢᠩ ᠪᠠᠷᠢᠭᠰᠠᠨ ᠤ ᠳᠠᠷᠠᠭ᠎ᠠ ᠴᠠᠢ ᠪᠠᠨ ᠪᠠᠰᠠ ᠪᠦᠯᠢᠶᠡᠨ ᠬᠠᠯᠠᠭᠤᠨ ᠢᠶᠠᠷ ᠨᠢ | ᠤᠤᠭᠤᠪᠠᠯ ᠨᠢᠳᠤᠨ ᠤ ᠬᠡᠮ ᠳᠤ ᠨᠠᠩ ᠳᠤᠰᠠᠳᠠᠢ᠃ | ᠶᠠᠮᠠᠷ ᠰᠢᠯᠳᠠᠭᠠᠨ ᠠᠴᠠ ᠪᠤᠯᠵᠤ ᠢᠳᠡᠷᠴᠤᠳ ᠪᠤᠯᠤᠨ ᠨᠠᠰᠤᠳᠠᠶᠢᠴᠤᠳ ᠤᠨ ᠬᠠᠷᠠᠭ᠎ᠠ ᠨᠢ ᠮᠠᠭᠤᠳᠠᠵᠤ ᠪᠠᠶᠢᠳᠠᠭ | ᠪᠤᠢ︖ ᠢᠳᠡᠷᠴᠤᠳ ᠪᠤᠯᠤᠨ ᠨᠠᠰᠤᠳᠠᠶᠢᠴᠤᠳ ᠤᠨ ᠬᠠᠷᠠᠭ᠎ᠠ ᠮᠠᠭᠤᠳᠠᠭᠰᠠᠨ ᠠᠴᠠ ᠪᠤᠯᠤᠭᠰᠠᠨ ᠨᠢᠳᠤᠨ ᠤ | ᠡᠪᠡᠳᠴᠢᠨ ᠶᠡᠭᠡ ᠳᠤᠪᠤᠶᠢᠮ᠎ᠠ ᠪᠠᠶᠢᠳᠠᠭ᠃ ᠡᠬᠦᠨ ᠳᠤ ᠨᠢᠬᠡ ᠨᠢ ᠪᠤᠯ ᠴᠢᠳᠠᠪᠤᠷᠢ ᠨᠢ ᠮᠠᠭᠤᠳᠠᠭᠰᠠᠨ ᠠᠴᠠ | ᠪᠤᠯᠤᠭᠰᠠᠨ ᠨᠢᠳᠤᠨ ᠤ ᠡᠪᠡᠳᠴᠢᠨ ᠪᠤᠯᠤᠨ᠎ᠠ᠃ ᠬᠦᠮᠤᠨ ᠦᠳᠡᠯᠪᠡᠯ ᠦᠰᠤ ᠨᠢ ᠴᠠᠶᠢᠳᠠᠭ ᠲᠠᠢ ᠠᠳᠠᠯᠢ ᠪᠠᠷ ᠬᠦᠮᠤᠨ | ᠦᠳᠡᠯᠵᠤ ᠪᠡᠶ᠎ᠠ ᠳᠠᠮᠢᠷ ᠨᠢ ᠳᠤᠷᠦ᠋ᠢᠳᠠᠪᠠᠯ ᠨᠢᠳᠤᠨ ᠤ ᠡᠪᠡᠳᠴᠢᠨ ᠳᠤ ᠮᠦᠨ ᠠᠮᠠᠷᠬᠠᠨ ᠨᠡᠷᠪᠡᠭᠳᠡᠳᠡᠭ᠃ | ᠵᠢᠱᠢᠶᠡᠯᠡᠪᠡᠯ᠂ ᠴᠠᠭᠠᠨ ᠬᠠᠷᠠᠩ ᠡᠪᠡᠳᠴᠢᠨ᠂ ᠨᠢᠳᠤᠨ ᠤ ᠰᠢᠷ᠎ᠠ ᠳᠤᠯᠪᠤᠳᠤ ᠡᠪᠡᠳᠴᠢᠨ᠂ ᠨᠢᠳᠤᠨ ᠤ ᠰᠢᠯᠯᠢᠭ | ᠴᠤᠭᠴᠠ ᠨᠢ ᠪᠤᠯᠠᠩᠬᠢᠷᠳᠤᠬᠤ ᠡᠪᠡᠳᠴᠢᠨ ᠪᠤᠯ ᠪᠦᠷ ᠨᠠᠰᠤᠳᠠᠶᠢᠴᠤᠳ ᠲᠤ ᠦᠷᠳᠤᠳᠡᠭ ᠨᠢᠳᠤᠨ ᠤ ᠡᠪᠡᠳᠴᠢᠨ | ᠪᠤᠯᠤᠨ᠎ᠠ᠃ ᠨᠦᠬᠦᠬᠡ ᠨᠢ ᠪᠤᠯ ᠪᠦᠬᠦ ᠪᠡᠶ᠎ᠠ ᠶᠢᠨ ᠴᠢᠰᠤᠨ ᠰᠤᠳᠠᠯ ᠤᠨ ᠰᠢᠰᠲ᠋ᠧᠮ ᠤᠨ ᠡᠪᠡᠳᠴᠢᠨ᠂ ᠰᠢᠨ᠎ᠠ | ᠬᠠᠭᠤᠴᠢᠨ ᠤ ᠰᠤᠯᠢᠯᠴᠠᠭᠠᠨ ᠤ ᠴᠢᠨᠠᠷᠳᠠᠢ ᠡᠪᠡᠳᠴᠢᠨ ᠪᠤᠯᠤᠨ ᠡᠪᠡᠳᠴᠢᠨ ᠡᠰᠡᠷᠬᠦᠴᠡᠬᠦ ᠴᠢᠳᠠᠪᠤᠷᠢ ᠶᠢᠨ ᠴᠢᠨᠠᠷᠳᠠᠢ | ᠡᠪᠡᠳᠴᠢᠨ ᠠᠴᠠ ᠪᠤᠯᠵᠤ ᠰᠢᠯᠳᠠᠭᠠᠯᠠᠭᠳᠠᠭᠰᠠᠨ ᠨᠢᠳᠤᠨ ᠤ ᠡᠪᠡᠳᠴᠢᠨ ᠪᠤᠯᠤᠨ᠎ᠠ᠃ ᠵᠢᠱᠢᠶᠡᠯᠡᠪᠡᠯ᠂ ᠰᠢᠬᠢᠷ ᠰᠢᠵᠢᠩ | ᠡᠪᠡᠳᠴᠢᠨ ᠤ ᠴᠢᠨᠠᠷᠳᠠᠢ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ᠂ ᠤᠳᠠᠭᠠᠨ ᠬᠤᠭᠤᠴᠠᠭᠠᠨ ᠤ | ᠴᠢᠰᠤᠨ ᠳᠠᠷᠤᠯᠳᠠ ᠦᠨᠳᠤᠷ ᠪᠠᠶᠢᠬᠤ ᠬᠡᠮ ᠠᠴᠠ ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ | ᠰᠤᠳᠠᠯ ᠤᠨ ᠬᠠᠳᠠᠭᠤᠷᠠᠭᠰᠠᠨ ᠡᠪᠡᠳᠴᠢᠨ᠂ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠤᠨ | ᠬᠠᠳᠠᠭᠤᠷᠠᠯ ᠠᠴᠠ ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠤᠨ ᠳᠦᠭᠵᠢᠷᠡᠯ᠂ | ᠬᠤᠷᠢᠶᠠᠬᠤ ᠰᠤᠳᠠᠯ ᠤᠨ ᠳᠦᠭᠵᠢᠷᠠᠯ᠂ ᠴᠢᠰᠤ ᠳᠤᠳᠠᠬᠤ ᠴᠢᠨᠠᠷᠳᠠᠢ ᠬᠠᠷᠠᠭᠠᠨ ᠤ ᠳᠤᠪᠴᠢᠷᠤᠤ ᠶᠢᠨ ᠡᠪᠡᠳᠴᠢᠨ ᠪᠤᠯ | ᠪᠦᠷ ᠨᠠᠰᠤᠳᠠᠶᠢᠴᠤᠳ ᠨᠡᠷᠪᠡᠭᠳᠡᠳᠡᠭ ᠨᠢᠳᠤᠨ ᠤ ᠡᠪᠡᠳᠴᠢᠨ ᠪᠤᠯᠤᠨ᠎ᠠ᠃ | | |