ᠬᠤᠰᠢᠭᠤᠨ ᠳᠠᠷᠤᠭ᠎ᠠ ᠬᠠᠢ ᠴᠢᠩ ᠪᠠᠶᠠᠷ ᠤᠨ ᠡᠳᠦᠷ ᠤᠨ ᠡᠮᠦᠨ᠎ᠡ ᠬᠥᠳᠡᠯᠮᠦᠷᠢ ᠶᠢᠨ ᠵᠢᠱᠢᠶᠡᠴᠢ ᠶᠢᠨ ᠲᠥᠯᠥᠭᠡᠯᠡᠭᠴᠢᠳ ᠢ  ᠲᠣᠬᠤᠨᠢᠭᠤᠯᠪᠠ
ᠨᠡᠶᠢᠲᠡᠯᠡᠭᠰᠡᠨ ᠴᠠᠭ᠄
2017/7/26
     4 ᠰᠠᠷ᠎ᠠ ᠶᠢᠨ23 ᠤ ᠡᠳᠦᠷ᠂ ︽5.1︾   ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠤᠨ ᠡᠳᠦᠷ ᠪᠣᠯᠬᠤ ᠲᠠᠰᠢᠷᠠᠮ ᠢᠶᠠᠷ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠬᠠᠢ ᠴᠢᠩ᠂ ᠠᠵᠢᠯᠴᠢᠨ ᠤ ᠡᠪᠯᠡᠯ ᠤᠨ ᠬᠠᠷᠢᠭᠤᠴᠠᠯᠭᠠᠲᠠᠨ ᠲᠠᠢ ᠬᠠᠮᠲᠤ ᠮᠠᠨ ᠤ ᠬᠤᠰᠢᠭᠤᠨ ᠤ ᠬᠥᠳᠡᠯᠮᠦᠷᠢ  ᠶᠢᠨ ᠵᠢᠱᠢᠶᠡᠴᠢ ᠲᠥᠯᠥᠭᠡᠯᠡᠭᠴᠢ ᠶᠢᠨ ᠬᠢᠨ ᠳᠤ ᠬᠦᠷᠴᠦ ᠲᠥᠪᠬᠢᠨᠡᠭᠦᠯᠬᠦ ᠶᠢᠨ ᠬᠠᠮᠲᠤ  ᠲᠣᠬᠤᠨᠢᠭᠤᠯᠤᠯ ᠤᠨ ᠮᠥᠩᠭᠦ ᠪᠣᠯᠣᠨ ᠪᠠᠶᠠᠷ ᠤᠨ ᠡᠳᠦᠷ ᠤᠨ ᠵᠥᠩᠨᠡᠯ ᠮᠡᠨᠳᠦ ᠬᠦᠷᠭᠡᠪᠡ᠃       ᠬᠠᠢ ᠴᠢᠩ ᠳᠠᠷᠤᠭ᠎ᠠ ᠬᠠᠮᠲᠤ ᠶᠠᠪᠤᠭᠰᠠᠳ ᠲᠠᠢ ᠪᠠᠨ ︽ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠶᠢᠨ ᠮᠧᠳ᠋ᠯ︾ ᠬᠦᠷᠲᠡᠭᠴᠢ ᠪᠠᠯᠵᠢᠨᠢᠮ᠎ᠠ ᠨᠥᠬᠦᠷ ᠪᠣᠯᠣᠨ ︽ᠬᠠᠷᠠᠮᠥ᠋ᠷᠡᠨ ᠮᠤᠵᠢ ᠶᠢᠨ ᠬᠥᠳᠡᠯᠮᠦᠷᠢ ᠶᠢᠨ ᠵᠢᠱᠢᠶᠡᠴᠢ ᠶᠢᠨ ᠴᠣᠯᠠ︾ ᠬᠦᠷᠲᠡᠭᠰᠡᠨ ᠡᠦ ᠹᠧᠩ ᠯᠢᠨ ᠨᠥᠬᠦᠷ ᠢ ᠪᠣᠯᠭᠤᠨ ᠲᠣᠬᠤᠨᠢᠭᠤᠯᠪᠠ᠃ ᠬᠥᠳᠡᠯᠮᠦᠷᠢ ᠶᠢᠨ ᠵᠢᠱᠢᠶᠡᠴᠢ ᠶᠢᠨ ᠭᠡᠷ ᠲᠤ᠂ ᠬᠠᠢ ᠴᠢᠩ ᠳᠠᠷᠤᠭ᠎ᠠ ᠲᠡᠳᠡᠨᠦᠰ ᠲᠠᠢ  ᠳᠣᠲᠣᠨᠣᠰᠤᠭ ᠢᠶᠠᠷ ᠶᠠᠷᠢᠯᠴᠠᠵᠤ᠂ ᠲᠡᠳᠡᠨ ᠤ ᠭᠡᠷ ᠪᠦᠯᠢ  ᠶᠢᠨ ᠪᠠᠶᠢᠳᠠᠯ᠂ ᠪᠡᠶ᠎ᠡ ᠮᠠᠬᠠᠪᠤᠳ ᠤᠨ ᠡᠷᠡᠭᠦᠯ ᠴᠢᠭᠢᠷᠠᠭ  ᠪᠣᠯᠣᠨ ᠠᠵᠢᠯ ᠠᠴᠠ ᠠᠮᠠᠷᠠᠭᠰᠠᠨ ᠤ ᠳᠠᠷᠠᠭᠠᠬᠢ ᠠᠮᠢᠳᠤᠷᠠᠯ ᠤᠨ ᠪᠠᠶᠢᠳᠠᠯ ᠢ ᠨᠠᠷᠢᠯᠢᠭ ᠠᠰᠠᠭᠤᠵᠤ᠂ ᠨᠢᠳᠦᠨ ᠡᠮᠦᠨᠡᠬᠢ ᠬᠦᠴᠢᠷᠳᠡᠯ ᠢᠶᠠᠨ ᠴᠢᠷᠮᠠᠶᠢᠨ ᠢᠯᠠᠬᠤ ᠶᠢ ᠵᠣᠷᠢᠭᠵᠢᠭᠤᠯᠬᠤ ᠶᠢᠨ ᠬᠠᠮᠲᠤ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠠᠪᠰᠤᠷᠤᠨ ᠲᠡᠳᠬᠦᠬᠦ ᠠᠵᠢᠯ  ᠢᠶᠠᠨ ᠰᠠᠶᠢᠲᠤᠷ ᠬᠢᠬᠦ ᠶᠢ  ᠵᠠᠬᠢᠵᠤ ᠰᠠᠨᠠᠭᠤᠯᠤᠭᠰᠠᠨ ᠪᠠᠶᠢᠨ᠎ᠠ᠃       ᠬᠠᠢ ᠴᠢᠩ ᠲᠡᠳᠡᠨᠦᠰ ᠤᠨ ᠪᠡᠶ᠎ᠡ ᠶᠢᠨ ᠡᠷᠡᠭᠦᠯ ᠮᠡᠨᠳᠦ ᠪᠠᠶᠢᠬᠤ ᠶᠢ ᠬᠦᠰᠡᠬᠦ ᠶᠢᠨ ᠬᠠᠮᠲᠤ᠂ ᠲᠡᠳᠡᠨᠦᠰ ᠤᠨ ᠮᠠᠨ ᠤ ᠬᠤᠰᠢᠭᠤᠨ ᠤ ᠠᠵᠤ ᠠᠬᠤᠢ ᠨᠡᠶᠢᠭᠡᠮ  ᠤᠨ ᠬᠥᠭᠵᠢᠯᠲᠡ ᠳᠤ ᠰᠢᠷᠭᠠᠭᠤ ᠬᠥᠳᠡᠯᠮᠦᠷᠢ ᠪᠠᠨ ᠡᠷᠭᠦᠭᠰᠡᠨ ᠳᠤ ᠬᠦᠨᠳᠦᠳᠬᠡᠯ ᠲᠠᠯᠠᠷᠬᠠᠯ ᠢᠶᠠᠨ ᠳᠡᠪᠰᠢᠭᠦᠯᠬᠦ ᠶᠢᠨ ᠬᠠᠮᠲᠤ ᠬᠥᠳᠡᠯᠮᠦᠷᠢ ᠶᠢᠨ ᠵᠢᠱᠢᠶᠡᠴᠢ ᠵᠣᠬᠢᠶᠠᠨ ᠪᠠᠶᠢᠭᠤᠯᠤᠯᠲᠠ ᠶᠢᠨ ᠬᠠᠶᠢᠷ᠎ᠠ ᠬᠠᠯᠠᠮᠵᠢ ᠳᠤ ᠲᠠᠯᠠᠷᠬᠠᠵᠤ᠂ ᠳᠠᠶᠢᠴᠢᠯᠠᠨ ᠳᠠᠭᠠᠭᠤᠯᠬᠤ ᠵᠢᠱᠢᠶᠡᠴᠢ ᠶᠢᠨ ᠦᠢᠯᠡᠳᠦᠯ ᠢᠶᠠᠨ ᠨᠡᠩ ᠰᠠᠶᠢᠲᠤᠷ ᠪᠠᠳᠠᠷᠠᠭᠤᠯᠵᠤ᠂ ᠢᠯᠡᠭᠦᠴᠡ ᠬᠦᠴᠦ ᠬᠥᠳᠡᠯᠮᠦᠷᠢ ᠪᠠᠨ ᠵᠣᠷᠢᠭᠵᠢᠭᠤᠯᠬᠤ ᠪᠠᠷ ᠢᠯᠡᠳᠬᠡᠨ᠎ᠡ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ