ᠰᠢᠨ᠎ᠡ ᠪᠠᠷᠭᠤ ᠵᠡᠭᠦᠨ ᠬᠤᠰᠢᠭᠤᠨ ᠤ ᠰᠤᠷᠭᠠᠨ ᠬᠥᠮᠥᠵᠢᠯ ᠰᠢᠨᠵᠢᠯᠡᠭᠡ ᠮᠡᠷᠭᠡᠵᠢᠯ ᠤᠨ ᠲᠣᠪᠴᠢᠶ᠎ᠠ ᠰᠤᠷᠤᠭᠴᠢᠳ ᠢ  ᠲᠤᠰᠠᠯᠠᠬᠤ ᠠᠵᠢᠯ ᠠᠯᠬᠤᠮ ᠳᠠᠷᠠᠭ᠎ᠠ ᠲᠠᠢ  ᠶᠠᠪᠤᠭᠳᠠᠭᠤᠯᠵᠤ ᠪ᠊
ᠨᠡᠶᠢᠲᠡᠯᠡᠭᠰᠡᠨ ᠴᠠᠭ᠄
2017-08-14
     ᠰᠤᠷᠭᠠᠨ ᠬᠥᠮᠥᠵᠢᠯ ᠰᠢᠨᠵᠢᠯᠡᠭᠡ ᠮᠡᠷᠭᠡᠵᠢᠯ ᠤᠨ ᠲᠣᠪᠴᠢᠶ᠎ᠠ ᠰᠤᠷᠤᠭᠴᠢᠳ ᠢ ᠲᠤᠰᠠᠯᠠᠬᠤ ᠬᠠᠮᠢᠶᠠᠷᠤᠯᠲᠠ ᠎ ᠶᠢᠨ ᠲᠥᠪ ᠤᠨ ᠬᠢᠨ 2017 ᠣᠨ ᠤ ᠡᠯ᠎ᠡ ᠲᠥᠷᠥᠯ ᠤᠨ ᠲᠤᠰᠠᠯᠠᠬᠤ ᠠᠵᠢᠯ ᠢᠶᠠᠨ ᠠᠯᠬᠤᠮ ᠳᠠᠷᠠᠭ᠎ᠠ ᠲᠠᠢ  ᠶᠠᠪᠤᠭᠳᠠᠭᠤᠯᠵᠤ᠂ ᠲᠥᠪ ᠭᠤᠣᠯᠴᠢ ᠡᠷᠬᠡ ᠲᠡᠭᠰᠢ᠂ ᠢᠯᠠ ᠲᠣᠳᠣ ᠵᠠᠷᠴᠢᠮ ᠢᠶᠠᠷ ᠳᠡᠭᠡᠳᠦ ᠱᠠᠲᠤᠨ ᠤ ᠡᠯ᠎ᠡ ᠲᠥᠷᠥᠯ ᠤᠨ ᠲᠤᠰᠠᠯᠠᠮᠵᠢ ᠦᠵᠡᠭᠦᠯᠬᠦ ᠴᠢᠭᠯᠡᠯᠲᠡ ᠲᠥᠷᠥ ᠶᠢᠨ ᠪᠣᠳᠣᠯᠭ᠎ᠠ ᠶᠢ ᠵᠥᠪ ᠡᠵᠡᠮᠰᠢᠵᠦ᠂ ᠲᠤᠰᠠᠯᠠᠨ ᠳᠡᠮᠵᠢᠬᠦ ᠠᠵᠢᠯᠯᠠᠭᠠᠨ ᠢ ᠴᠠᠭ ᠲᠤᠬᠠᠢ ᠳᠤᠨᠢ ᠵᠣᠬᠢᠶᠠᠨ ᠪᠠᠶᠢᠭᠤᠯᠤᠨ ᠥᠷᠨᠢᠭᠦᠯᠵᠦ᠂ ᠶᠠᠳᠠᠭᠤ ᠬᠦᠴᠢᠷᠳᠡᠯ ᠲᠠᠢ ᠣᠶᠤᠲᠠᠳ ᠤᠨ ᠰᠤᠷᠭᠠᠭᠤᠯᠢ ᠳᠤ ᠰᠤᠷᠤᠯᠴᠠᠬᠤ ᠠᠵᠤ ᠠᠬᠤᠢ ᠶᠢᠨ ᠬᠦᠴᠢᠷᠳᠡᠯ ᠢ ᠦᠨᠡᠨᠬᠦ ᠰᠢᠢᠳᠪᠦᠷᠢᠯᠡᠵᠦ᠂ ᠶᠡᠭᠡ ᠰᠤᠷᠭᠠᠭᠤᠯᠢ ᠶᠢᠨ ᠣᠶᠤᠲᠠᠳ ᠤᠨ ᠠᠵᠤ ᠠᠬᠤᠢ ᠶᠢᠨ ᠬᠦᠴᠢᠷᠳᠡᠯ ᠠᠴᠠ ᠪᠣᠯᠵᠤ ᠰᠤᠷᠤᠯᠭ᠎ᠠ ᠠᠴᠠ ᠪᠠᠨ ᠵᠣᠭᠰᠣᠬᠤ ᠠᠰᠠᠭᠤᠳᠠᠯ ᠢ ᠰᠢᠢᠳᠪᠦᠷᠢᠯᠡᠬᠦ ᠶᠢ ᠪᠠᠲᠤᠯᠠᠨ᠎ᠠ᠃       ᠣᠳᠣ ᠪᠣᠯᠲᠠᠯ᠎ᠠ ᠰᠤᠷᠭᠠᠭᠤᠯᠢ ᠳᠤ ᠪᠠᠶᠢᠭ᠎ᠠ ᠣᠶᠤᠲᠠᠨ ᠪᠣᠯᠣᠨ ᠰᠢᠨ᠎ᠡ ᠪᠠᠷ ᠶᠡᠭᠡ ᠰᠤᠷᠭᠠᠭᠤᠯᠢ ᠳᠤ ᠣᠷᠣᠵᠤ ᠪᠠᠶᠢᠭ᠎ᠠ ᠣᠶᠤᠲᠠᠳ ᠤᠨ ᠢᠷᠡᠯᠲᠡ ᠭᠠᠵᠠᠷ ᠤᠨ ᠢᠲᠡᠭᠡᠮᠵᠢᠲᠦ ᠰᠤᠷᠤᠯᠭ᠎ᠠ ᠲᠤᠰᠠᠯᠠᠬᠤ ᠵᠢᠭᠡᠯᠡᠯᠭᠡ ᠶᠢᠨ ᠭᠤᠶᠤᠴᠢᠯᠠᠯ᠂ 6 ᠳᠣᠣᠷ᠎ᠠ ᠪᠠᠲᠤᠯᠠᠭᠠᠲᠤ ᠭᠡᠷ ᠪᠦᠯᠢ ᠶᠢᠨ ᠬᠡᠦᠬᠡᠳ ᠤᠨ ᠰᠢᠨ᠎ᠡ ᠪᠠᠷ ᠰᠤᠷᠭᠠᠭᠤᠯᠢ ᠳᠤ ᠣᠷᠣᠬᠤ ᠲᠤᠰᠠᠯᠠᠮᠵᠢ ᠶᠢᠨ ᠭᠤᠶᠤᠴᠢᠯᠠᠯ ᠢ ᠨᠢᠭᠡᠨᠲᠡ 120 ᠬᠤᠪᠢ ᠬᠦᠯᠢᠶᠡᠨ ᠠᠪᠴᠤ᠂ ᠡᠯ᠎ᠡ ᠲᠥᠷᠥᠯ ᠤᠨ ᠲᠤᠰᠠᠯᠠᠮᠵᠢ    ᠎ ᠶᠢ ᠰᠢᠢᠳᠪᠦᠷᠢᠯᠡᠬᠦ ᠠᠵᠢᠯ ᠶᠠᠭ ᠶᠠᠪᠤᠭᠳᠠᠵᠤ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号