︽ᠰᠠᠶᠢᠨ ᠮᠠᠭᠤ ᠬᠤᠶᠠᠷ ᠲᠠᠯ᠎ᠠ ᠲᠠᠢ᠂ ᠰᠠᠭᠠᠭ ᠭᠤᠷᠪᠠᠨ ᠲᠠᠯ᠎ᠠ ᠲᠠᠢ︾ ᠭᠡᠳᠡᠭᠴᠢᠯᠡᠨ᠂ ᠤᠷᠤᠭᠤᠯ ᠤᠨ | ᠪᠤᠳᠤᠭ ᠨᠢ ᠡᠮᠡᠭᠲᠠᠶᠢᠴᠤᠳ ᠢ ᠨᠡᠩ ᠭᠤᠸ᠎ᠠ ᠦᠵᠡᠰᠭᠦᠯᠡᠩ ᠪᠤᠯᠭᠠᠳᠠᠭ ᠴᠤ᠂ ᠨᠦᠭᠦᠭᠡ ᠲᠠᠯ᠎ᠠ ᠪᠠᠷ ᠲᠡᠳᠡᠨᠤᠰ ᠤᠨ | ᠡᠷᠡᠭᠦᠯ ᠮᠡᠨᠳᠦ ᠶᠢ ᠲᠠᠮ ᠢᠶᠠᠷ ᠨᠦᠯᠦᠭᠡᠯᠡᠵᠦ ᠪᠠᠶᠢᠳᠠᠭ᠃ ᠨᠡᠩ ᠴᠤ ᠤᠢᠢᠷ᠎ᠠ ᠶᠢᠨ ᠵᠢᠯ ᠳᠤ ︽ᠤᠷᠤᠭᠤᠯ ᠤᠨ | ᠪᠤᠳᠤᠭ ᠨᠢ ᠦᠮᠡᠨ ᠡᠪᠡᠳᠴᠢᠨ ᠡᠭᠦᠰᠭᠡᠨ᠎ᠡ︾ ᠭᠡᠬᠦ ᠶᠠᠷᠢᠶ᠎ᠠ ᠨᠢ ᠤᠯᠤᠰ ᠤᠨ ᠲᠤᠲᠤᠭᠠᠳᠦ ᠶᠢᠨ ᠲᠤᠮᠤ ᠲᠤᠮᠤ | ᠰᠦᠯᠵᠢᠶ᠎ᠡ ᠪᠠᠷ ᠰᠠᠴᠤᠭᠳᠠᠵᠦ᠂ ᠤᠷᠤᠭᠤᠯ ᠢᠶᠠᠨ ᠪᠤᠳᠤᠬᠤ ᠲᠤᠷᠠᠲᠠᠢ ᠡᠮᠡᠭᠲᠠᠶᠢᠴᠤᠳ ᠤᠨ ᠰᠠᠨᠠᠭᠠᠰᠢᠷᠠᠯ ᠪᠤᠯᠵᠠᠢ᠃ | ᠲᠡᠭᠡᠪᠡᠯ ᠤᠷᠤᠭᠤᠯ ᠤᠨ ᠪᠤᠳᠤᠭ ᠨᠢ ᠦᠨᠡᠭᠡᠷ ᠦᠮᠡᠨ ᠡᠪᠡᠳᠴᠢᠨ ᠡᠭᠦᠰᠭᠡᠳᠡᠭ ᠤᠤ︖ | ᠠᠮᠧᠷᠢᠺᠡ ᠶᠢᠨ ᠢᠳᠡᠭᠡᠨ ᠪᠠ ᠡᠮᠲᠦ ᠪᠤᠳᠠᠰ ᠤᠨ ᠬᠠᠮᠢᠶᠠᠷᠤᠯᠲᠠ ᠶᠢᠨ ᠲᠤᠪᠴᠢᠶ᠎ᠠ ︵FDA︶ ᠨᠢ ᠤᠳᠤ | ᠪᠤᠯᠳᠠᠯ᠎ᠠ ᠭᠤᠶᠤᠯᠠᠯ ᠤᠨ ᠡᠳ᠋ ᠲᠤ ᠠᠭᠤᠯᠤᠭᠳᠠᠬᠤ ᠲᠤᠭᠤᠯᠭ᠎ᠠ ᠶᠢᠨ ᠬᠠᠮᠤᠭ ᠶᠡᠭᠡ ᠬᠡᠮᠵᠢᠭᠳᠡᠯ ᠢ ᠲᠤᠭᠳᠠᠭᠠᠭᠰᠠᠨ | ᠦᠭᠡᠢ ᠠᠴᠠ ᠪᠤᠯᠵᠦ᠂ ᠬᠡᠷᠡᠭᠯᠡᠭᠴᠢᠳ ᠴᠤ ᠬᠠᠮᠢᠶ᠎ᠠ ᠪᠦᠬᠦᠢ ᠦᠢᠯᠡᠳᠪᠦᠷᠢ ᠵᠠᠪᠰᠢᠶᠠᠨ ᠢ ᠳᠠᠯᠢᠮᠳᠠᠭᠤᠯᠤᠨ | ᠦᠢᠯᠡᠳᠬᠦᠨ ᠳᠡᠭᠡᠨ ᠭᠡᠮ ᠬᠢᠬᠦ ᠠᠴᠠ ᠡᠮᠢᠶᠡᠬᠦ ᠪᠤᠯᠵᠠᠢ᠃ ᠵᠠᠷᠢᠮ ᠵᠤᠬᠢᠶᠠᠨ ᠪᠠᠶᠢᠭᠤᠯᠤᠯᠲᠠ ᠪᠠ ᠲᠤᠷᠰᠢᠯᠲᠠ ᠶᠢᠨ | ᠲᠠᠰᠤᠭ ᠠᠴᠠ ᠵᠠᠬ᠎ᠠ ᠲᠡᠯᠭᠡᠭᠦᠷ ᠲᠡᠭᠡᠷᠡᠬᠢ ᠭᠡᠰᠡᠭ ᠭᠤᠶᠤᠯᠠᠯ ᠤᠨ ᠡᠳ᠋ ᠲᠤ ᠰᠢᠯᠭᠠᠨ ᠪᠠᠶᠢᠴᠠᠭᠠᠯᠲᠠ ᠬᠢᠭᠰᠡᠨ ᠢᠶᠠᠷ | ᠪᠠᠷᠠᠬᠤ ᠦᠭᠡᠢ᠂ ᠨᠡᠩ ᠴᠢᠨᠠᠭᠰᠢᠯᠠᠨ ᠡᠳᠡᠭᠡᠷ ᠭᠤᠶᠤᠯᠠᠯ ᠤᠨ ᠡᠳ᠋ ᠲᠤ ᠠᠭᠤᠯᠤᠭᠳᠠᠬᠤ ᠲᠤᠭᠤᠯᠭ᠎ᠠ ᠶᠢᠨ | ᠠᠭᠤᠯᠤᠭᠳᠠᠴᠠ ᠶᠢ ᠦᠨᠳᠦᠰᠦᠯᠡᠨ ᠵᠢᠭᠰᠠᠭᠠᠯᠲᠠ ᠬᠢᠵᠠᠢ᠃ ᠭᠡᠬᠦ ᠳᠡᠭᠡᠨ ᠲᠤᠷᠰᠢᠯᠲᠠ ᠶᠢᠨ ᠦᠷ᠎ᠡ ᠳ᠋ᠦᠩ ᠢᠶᠠᠨ | ᠵᠠᠭᠤᠴᠢᠯᠠᠭᠤᠷ ᠲᠡᠭᠡᠷ᠎ᠡ ᠨᠡᠶᠢᠳᠡᠯᠡᠬᠦ ᠳᠡᠭᠡᠨ ︽ᠤᠷᠤᠭᠤᠯ ᠤᠨ ᠪᠤᠳᠤᠭ ᠨᠢ ᠦᠮᠠᠨ ᠡᠪᠡᠳᠴᠢᠨ ᠡᠭᠦᠰᠭᠡᠨ᠎ᠡ︕︾ | ᠬᠡᠬᠦ ᠬᠦᠮᠦᠰ ᠢ ᠰᠤᠴᠢᠭᠠᠮᠡ ᠭᠠᠷᠴᠠᠭ ᠬᠠᠳᠠᠭᠰᠠᠨ ᠪᠠᠶᠢᠯ᠎ᠠ᠃ ᠡᠨᠡ ᠨᠢ ᠰᠦᠯᠵᠢᠶᠡᠨ ᠲᠡᠭᠡᠷ᠎ᠡ ᠮᠠᠰᠢ | ᠲᠦᠷᠭᠡᠨ ᠢᠶᠠᠷ ᠲᠠᠷᠬᠠᠵᠦ᠂ ᠲᠡᠷᠳᠡᠭᠡ ᠬᠤᠯᠠ ᠶᠢᠨ ᠬᠠᠷᠢ ᠭᠦᠷᠦᠨ ᠠᠴᠠ ᠲᠤᠮᠳᠠᠳᠦ ᠤᠯᠤᠰ ᠲᠤ ᠤᠷᠤᠵᠦ | ᠢᠷᠡᠬᠦ ᠳᠡᠭᠡᠨ ︽ᠤᠯᠤᠰ ᠤᠨ ᠶᠠᠰᠦ ᠴᠢᠨᠠᠷ ᠲᠤ ᠬᠢᠨᠠᠯᠲᠠ ᠲᠠᠯᠪᠢᠬᠤ ᠶᠡᠷᠦᠩᠭᠡᠢ ᠲᠤᠪᠴᠢᠶ᠎ᠠ ᠶᠢᠨ ᠬᠠᠮᠤᠭ ᠰᠢᠨ᠎ᠡ | ᠨᠡᠶᠢᠳᠡᠯᠡᠭᠰᠡᠨ ᠭᠡᠷᠡᠭᠯᠡᠬᠦ ᠶᠢ ᠴᠠᠭᠠᠵᠠᠯᠠᠬᠤ ᠵᠠᠰᠠᠯ ᠴᠢᠮᠡᠭᠯᠡᠯ ᠤᠨ ᠡᠳ᠋ ᠤᠨ ᠨᠡᠷᠡᠰ ᠤᠨ ᠪᠦᠷᠢᠳᠭᠡᠯ︾ ᠤᠨ ᠠᠭᠤᠯᠭ᠎ᠠ | ᠪᠤᠯᠵᠦ ᠵᠢᠰᠦ ᠪᠤᠷᠤᠭᠤᠯᠠᠭᠰᠠᠨ ᠪᠠᠶᠢᠯ᠎ᠠ᠃ | ᠺᠠᠨᠠᠳᠠ ᠳᠤ ᠪᠠᠶᠢᠭ᠎ᠠ ᠵᠠᠰᠠᠯ ᠴᠢᠮᠡᠭᠯᠡᠯ ᠤᠨ ᠡᠳ᠋ ᠤᠨ ᠠᠮᠤᠷ ᠲᠦᠪᠰᠢᠨ ᠤ ᠠᠵᠢᠯᠯᠠᠭ᠎ᠠ ᠶᠢᠨ ᠵᠤᠬᠢᠶᠠᠨ | ᠪᠠᠶᠢᠭᠤᠯᠤᠯᠲᠠ ︵CSC︶ ᠠᠴᠠ 2007 ᠤᠨ ᠳᠤ ᠨᠡᠶᠢᠳᠡᠯᠡᠭᠰᠡᠨ ᠰᠢᠯᠭᠠᠨ ᠪᠠᠶᠢᠴᠠᠭᠠᠯᠲᠠ ᠶᠢᠨ ᠳ᠋ᠦᠩ ᠨᠢ | ᠬᠠᠮᠤᠭ ᠤᠨ ᠶᠡᠭᠡ ᠬᠠᠯᠠᠭᠤᠷᠠᠯ ᠶᠠᠷᠢᠶ᠎ᠠ ᠪᠤᠯᠤᠭᠰᠠᠨ ᠪᠠᠶᠢᠯ᠎ᠠ᠃ ᠡᠨᠡᠬᠦ ᠵᠤᠬᠢᠶᠠᠨ ᠪᠠᠶᠢᠭᠤᠯᠤᠯᠲᠠ ᠨᠢ ᠠᠮᠧᠷᠢᠺᠡ ᠶᠢᠨ | ᠵᠠᠬ᠎ᠠ ᠲᠡᠯᠭᠡᠭᠦᠷ ᠲᠤ ᠭᠠᠷᠤᠭᠰᠠᠨ 33 ᠲᠦᠷᠦᠯ ᠤᠨ ᠤᠯᠠᠭᠠᠨ ᠦᠡᠭᠭᠡᠲᠠᠢ ᠤᠷᠤᠭᠤᠯ ᠤᠨ ᠪᠤᠳᠤᠭ ᠲᠤ ᠲᠤᠷᠰᠢᠯᠲᠠ | ᠬᠢᠭᠰᠡᠨ ᠤ ᠳ᠋ᠦᠩ ᠳᠤ᠂ ᠲᠤᠭᠤᠯᠭ᠎ᠠ ᠶᠢᠨ ᠠᠭᠤᠯᠤᠭᠳᠠᠴᠠ ᠶᠢᠨ ᠬᠡᠮᠵᠢᠭᠳᠡᠯ ᠨᠢ 0.03ppm ᠠᠴᠠ 0.65 | ppm ᠶᠢᠨ ᠬᠤᠭᠤᠷᠤᠨᠳᠦ ᠪᠠᠶᠢᠪᠠ᠃ FDA ᠨᠢ ᠲᠤᠬᠠᠢ ᠶᠢᠨ ᠵᠢᠯ ᠤᠨ 10 ᠰᠠᠷ᠎ᠠ ᠠᠴᠠ 12 ᠰᠠᠷ᠎ᠠ ᠶᠢᠨ | ᠬᠤᠭᠤᠷᠤᠨᠳᠦ᠂ ᠠᠳᠠᠯᠢᠬᠠᠨ ᠨᠡᠷᠡᠲᠦ ᠲᠡᠮᠳᠡᠭ ᠤᠨ ᠤᠷᠤᠭᠤᠯ ᠤᠨ ᠪᠤᠳᠤᠭ ᠲᠠᠬᠢ ᠲᠤᠭᠤᠯᠭ᠎ᠠ ᠶᠢᠨ | ᠠᠭᠤᠯᠤᠭᠳᠠᠴᠠ ᠳᠤ ᠲᠤᠷᠰᠢᠯᠲᠠ ᠬᠢᠭᠰᠡᠨ ᠳᠤ᠂ ᠲᠤᠷᠰᠢᠯᠲᠠ ᠶᠢᠨ ᠬᠡᠮᠵᠢᠭᠳᠡᠯ ᠨᠢ ᠪᠦᠷ CSC ᠶᠢᠨ ᠤᠯᠤᠭᠰᠨ | ᠳ᠋ᠦᠩ ᠠᠴᠠ ᠲᠤᠤᠷ᠎ᠠ ᠪᠠᠶᠢᠯ᠎ᠠ᠂ ᠡᠨᠡ ᠨᠢ ᠮᠦᠨᠴᠦ ᠺᠠᠨᠠᠳᠠ ᠶᠢᠨ ᠬᠠᠮᠢᠶ᠎ᠠ ᠪᠦᠬᠦᠢ ᠲᠤᠭᠳᠠᠭᠠᠯ ᠳᠤ ᠨᠡᠶᠢᠴᠡᠵᠦ ᠪᠤᠢ᠃ | | ᠤᠷᠤᠭᠤᠯ ᠤᠨ ᠪᠤᠳᠤᠭ ᠤᠨ ᠪᠠᠷᠢᠮᠵᠢᠶ᠎ᠡ ᠨᠢ ᠰᠢᠬᠢᠷ ᠲᠠᠢ ᠠᠳᠠᠯᠢᠬᠠᠨ ᠪᠠᠶᠢᠵᠦ᠂ ᠲᠤᠭᠤᠯᠭ᠎ᠠ ᠶᠢᠨ | ᠠᠭᠤᠯᠤᠭᠳᠠᠴᠠ ᠨᠢ 0. 1ppm ᠠᠴᠠ ᠲᠠᠪᠠᠭ᠋ᠤ ᠦᠭᠡᠢ ᠪᠠᠶᠢᠪᠠᠯ ᠵᠤᠬᠢᠨ᠎ᠠ ᠭᠡᠵᠦ CSC ᠶᠢᠨ ᠬᠢᠨ | ᠦᠵᠡᠵᠡᠭᠡᠵᠦ ᠪᠤᠢ᠃ ᠭᠡᠳᠡᠯ᠎ᠡ ᠢᠡᠭᠭᠢᠵᠦ ᠠᠳᠠᠯᠢᠳᠬᠠᠬᠤ ᠨᠢ ᠵᠤᠬᠢᠰ ᠦᠭᠡᠢ ᠶᠤᠮ᠃ ᠨᠢᠭᠡ᠂ ᠬᠡᠤᠬᠡᠳ ᠪᠤᠯ | ᠰᠢᠬᠢᠷ ᠤᠨ ᠭᠤᠤᠯ ᠬᠡᠷᠡᠭᠯᠡᠭᠴᠢ ᠪᠠᠶᠢᠵᠦ᠂ ᠲᠤᠭᠤᠯᠭ᠎ᠠ ᠶᠢᠨ ᠨᠦᠯᠦᠭᠡ ᠶᠢ ᠨᠡᠩ ᠠᠮᠠᠷᠬᠠᠨ ᠬᠦᠷᠳᠡᠨ᠎ᠡ᠂ ᠬᠡᠳᠡᠯ᠎ᠡ | ᠤᠷᠤᠭᠤᠯ ᠤᠨ ᠪᠤᠳᠤᠭ ᠢ ᠲᠤᠮᠤᠴᠤᠤᠯ ᠯᠡ ᠬᠡᠷᠡᠭᠯᠡᠬᠦ ᠠᠴᠠ ᠪᠢᠰᠢ᠂ ᠬᠡᠤᠬᠡᠳ ᠪᠠᠷᠤᠭ ᠭᠡᠷᠡᠭᠯᠡᠳᠡᠭ ᠦᠭᠡᠢ︔ | ᠬᠤᠶᠠᠷ᠂ ᠰᠢᠬᠢᠷ ᠪᠤᠯ ᠦᠷᠭᠦᠯᠵᠢ ᠲᠤᠬᠢᠶᠠᠯᠳᠤᠳᠠᠭ ᠢᠳᠡᠭᠡᠨ ᠤ ᠵᠦᠢᠯᠡᠰ ᠮᠦᠨ᠂ ᠢᠳᠡᠬᠦ ᠬᠡᠮᠵᠢᠶ᠎ᠡ ᠪᠠᠷ ᠨᠡᠯᠢᠶᠡᠳ | ᠶᠡᠭᠡ ᠪᠠᠶᠢᠳᠠᠭ᠃ ᠤᠷᠤᠭᠤᠯ ᠤᠨ ᠪᠤᠳᠤᠭ ᠨᠢ ᠬᠠᠶᠠ ᠬᠡᠷᠡᠭᠯᠡᠬᠦ ᠪᠤᠳᠠᠰ ᠤᠴᠢᠷ ᠪᠦᠭᠡᠳ ᠤᠳᠠᠭ᠎ᠠ ᠪᠤᠯᠭᠠᠨ ᠤ | ᠬᠡᠷᠡᠭᠯᠡᠬᠦ ᠬᠡᠮᠵᠢᠶ᠎ᠡ ᠬᠠᠷᠢᠴᠠᠩᠭᠤᠢ ᠪᠠᠷ ᠪᠠᠭ᠎ᠠ︔ ᠭᠤᠷᠪᠠ᠂ ᠤᠷᠤᠭᠤᠯ ᠤᠨ ᠪᠤᠳᠤᠭ ᠴᠤᠮᠤ᠂ ᠠᠶᠠᠭᠠᠨ ᠲᠡᠭᠡᠷ᠎ᠡ | ᠨᠠᠭᠠᠯᠳᠤᠪᠠᠯ ᠪᠦᠰᠡᠭᠦ᠋ᠢᠴᠦᠳ ᠴᠦᠮ ᠶᠠᠭᠠᠷᠠᠨ ᠠᠷᠴᠢᠵᠤ ᠵᠦᠯᠭᠦᠳᠡᠭ᠂ ᠡᠶᠢᠮᠦ ᠠᠴᠠ ᠢᠳᠡᠭᠡᠨ ᠲᠠᠢ ᠬᠠᠮᠳᠤ | ᠢᠳᠡᠵᠦ ᠤᠷᠤᠭᠤᠯᠬᠤ ᠪᠤᠯᠤᠮᠵᠢ ᠳᠤᠩ ᠴᠦᠭᠡᠨ ᠪᠤᠶᠤ ᠬᠡᠮᠵᠢᠶ᠎ᠡ ᠮᠠᠰᠢ ᠪᠠᠭ᠎ᠠ ᠪᠠᠶᠢᠳᠠᠭ᠃ | ᠨᠤᠳᠠᠯᠠᠯᠲᠠ᠄ ᠤᠷᠤᠭᠤᠯ ᠤᠨ ᠪᠤᠳᠤᠭ ᠦᠮᠠᠨ ᠡᠭᠦᠰᠭᠡᠨ᠎ᠡ ᠭᠡᠳᠡᠭ ᠨᠢ ᠴᠤᠤᠷᠬᠠᠯ᠂ ᠦᠨᠡᠨᠳᠡᠭᠡᠨ | ᠤᠷᠤᠭᠤᠯ ᠤᠨ ᠪᠤᠳᠤᠭ ᠲᠤ ᠪᠢᠴᠢᠯ ᠬᠡᠮᠵᠢᠶᠡᠨ ᠤ ᠲᠤᠭᠤᠯᠭ᠎ᠠ ᠠᠭᠤᠯᠤᠭᠳᠠᠳᠠᠭ ᠴᠤ᠂ ᠡᠨᠡᠬᠦ ᠬᠡᠮᠵᠢᠭᠳᠡᠯ ᠨᠢ | ᠪᠢᠳᠡᠨ ᠤ ᠡᠳᠦᠷ ᠲᠤᠲᠤᠮ ᠤᠨ ᠬᠡᠷᠡᠭᠯᠡᠳᠡᠭ ᠱᠠᠭᠠᠵᠠᠩ ᠠᠶᠠᠭ᠎ᠠ ᠰᠠᠪᠠ ᠵᠡᠷᠭᠡ ᠳᠤ ᠠᠭᠤᠯᠤᠭᠳᠠᠬᠤ ᠲᠤᠭᠤᠯᠭ᠎ᠠ ᠶᠢᠨ | ᠬᠡᠮᠵᠢᠭᠳᠡᠯ ᠠᠴᠠ ᠴᠤ ᠪᠠᠭ᠎ᠠ ᠪᠠᠶᠢᠳᠠᠭ᠃ ᠤᠳᠤᠬᠠᠨ ᠪᠤᠯᠳᠠᠯ᠎ᠠ ᠤᠯᠤᠰ ᠤᠨ ᠲᠤᠲᠤᠭᠠᠳᠤ ᠭᠠᠳᠠᠭᠠᠳᠤ ᠶᠢᠨ | ᠡᠮᠨᠡᠯᠭᠡ ᠶᠢᠨ ᠤᠬᠠᠭᠠᠨ ᠤ ᠳᠤᠬᠠᠢ ᠪᠢᠴᠢᠭ ᠮᠠᠲ᠋ᠧᠷᠢᠶᠠᠯ ᠳᠤ ᠤᠷᠤᠭᠤᠯ ᠤᠨ ᠪᠤᠳᠤᠭ ᠲᠤ ᠬᠤᠤᠷᠠᠳᠠᠭᠳᠠᠯᠠ | ᠬᠡᠰᠡᠨ ᠮᠡᠳᠡᠭᠦᠯᠦᠯᠲᠠ ᠦᠭᠡᠢ ᠪᠠᠶᠢᠭᠰᠠᠭᠠᠷ᠃ ᠡᠶᠢᠮᠦ ᠠᠴᠠ ᠤᠷᠤᠭᠤᠯ ᠤᠨ ᠪᠤᠳᠤᠭ ᠨᠢ ᠦᠮᠠᠨ ᠡᠪᠡᠳᠴᠢᠨ | ᠡᠭᠦᠰᠭᠡᠨ᠎ᠡ ᠭᠡᠰᠡᠨ ᠨᠢ ᠴᠤᠤᠷᠬᠠᠯ ᠶᠠᠷᠢᠶ᠎ᠠ ᠮᠦᠨ᠃ | ᠬᠠᠮᠢᠶ᠎ᠠ ᠪᠦᠬᠦᠢ ᠬᠤᠯᠪᠤᠭᠠᠰᠦ | ᠨᠢᠭᠡ᠂ ᠵᠠᠰᠠᠯ ᠴᠢᠮᠡᠭᠯᠡᠯ ᠤᠨ ᠡᠳ᠋ ᠲᠤ ᠠᠭᠤᠯᠤᠭᠳᠠᠬᠤ ᠲᠤᠭᠤᠯᠭ᠎ᠠ ᠶᠢᠨ ᠪᠠᠷᠢᠮᠵᠢᠶ᠎ᠠ | ᠤᠳᠤᠬᠠᠨ ᠳᠤ ᠲᠤᠮᠳᠠᠳᠦ ᠤᠯᠤᠰ ᠢᠶᠠᠷ ᠲᠦᠯᠦᠭᠡᠯᠡᠭᠦᠯᠦᠭᠰᠡᠨ ᠮᠠᠰᠢ ᠤᠯᠠᠨ ᠤᠯᠤᠰ ᠪᠠ ᠭᠠᠵᠠᠷ ᠤᠷᠤᠨ ᠤ | ᠬᠠᠮᠢᠶ᠎ᠠ ᠪᠦᠬᠦᠢ ᠪᠠᠶᠢᠭᠤᠯᠤᠮᠵᠢ ᠨᠢ ᠲᠤᠭᠤᠯᠭ᠎ᠠ ᠶᠢ ᠵᠠᠰᠠᠯ ᠴᠢᠮᠡᠭᠯᠡᠯ ᠤᠨ ᠡᠳ᠋ ᠤᠨ ᠪᠦᠷᠢᠯᠳᠦᠭᠦᠨ ᠪᠤᠯᠭᠠᠵᠦ ᠪᠤᠯᠬᠤ | ᠦᠭᠡᠢ ᠭᠡᠵᠦ ᠲᠤᠭᠳᠠᠭᠠᠵᠠᠢ᠂ ᠬᠡᠬᠦ ᠳᠤ ᠵᠠᠷᠢᠮ ᠪᠠᠶᠢᠭᠤᠯᠤᠮᠵᠢ ᠨᠢ ᠵᠠᠰᠠᠯ ᠴᠢᠮᠡᠭᠯᠡᠯ ᠤᠨ ᠡᠳ᠋ ᠲᠤ ᠭᠡᠷᠡᠭᠯᠡᠬᠦ | ᠲᠤᠭᠤᠯᠭ᠎ᠠ ᠶᠢᠨ ᠬᠠᠮᠤᠭ ᠶᠡᠭᠡ ᠬᠡᠮᠵᠢᠭᠳᠡᠯ ᠭᠡᠳᠡᠭ ᠢ ᠲᠤᠭᠳᠠᠭᠠᠭᠰᠠᠨ ᠪᠠᠶᠢᠳᠠᠭ᠃ ᠨᠢᠭᠡ ᠨᠢ ᠬᠦᠮᠦᠨ ᠤ ᠪᠡᠶ᠎ᠡ ᠳᠤ | ᠬᠤᠤᠷᠠᠲᠠᠢ ᠪᠤᠯᠬᠤᠷ ᠭᠡᠷᠡᠭᠯᠡᠵᠦ ᠪᠤᠯᠬᠤ ᠦᠭᠡᠢ ᠭᠡᠵᠦ ᠲᠠᠰᠦ ᠴᠠᠭᠠᠵᠠᠯᠠᠭᠰᠠᠨ ᠪᠠᠶᠢᠳᠠᠯ᠎ᠠ᠂ ᠨᠦᠭᠦᠭᠡ ᠨᠢ ᠬᠠᠷᠢᠨ | ᠵᠤᠬᠢᠬᠤ ᠬᠡᠮᠵᠢᠶᠡᠨ ᠳᠤ ᠭᠡᠷᠡᠭᠯᠡᠵᠦ ᠪᠤᠯᠤᠨ᠎ᠠ ᠭᠡᠵᠦ ᠲᠤᠭᠳᠠᠭᠠᠭᠰᠠᠨ ᠨᠢ ᠶᠠᠭᠠᠬᠢᠭᠠᠳ ᠪᠤᠢ ᠭᠡᠪᠡᠯ᠂ ᠶᠠᠮᠠᠷᠪᠠ ᠨᠢᠭᠡᠨ | ᠪᠦᠲᠦᠭᠡᠭᠳᠡᠬᠦᠨ ᠨᠢ ᠬᠤᠯᠢᠴᠠ ᠶᠢᠨ ᠠᠰᠠᠭᠤᠳᠠᠯ ᠠᠴᠠ ᠵᠠᠶᠢᠯᠠᠰᠭᠢᠵᠦ ᠴᠢᠳᠠᠰᠢ ᠦᠭᠡᠢ ᠪᠠᠶᠢᠳᠠᠭ ᠠᠴᠠ | ᠰᠢᠯᠳᠠᠭᠠᠯᠠᠭᠳᠠᠭᠰᠠᠨ ᠶᠤᠮ᠃ ᠲᠤᠭᠤᠯᠭ᠎ᠠ ᠨᠢ ᠤᠯᠠᠨᠲᠠ ᠲᠤᠬᠢᠶᠠᠯᠳᠤᠳᠠᠭ ᠡᠯᠧᠮᠧᠨ᠋ᠲ ᠤᠨ ᠨᠢᠭᠡ ᠪᠤᠯᠤᠭᠰᠠᠨ ᠤ | ᠬᠤᠪᠢ ᠳᠤ᠂ ᠲᠡᠷᠡ ᠨᠢ ᠤᠰᠤ᠂ ᠠᠭᠠᠷ᠂ ᠬᠦᠷᠦᠰᠦ᠂ ᠢᠳᠡᠭᠡᠨ ᠤ ᠵᠦᠢᠯᠡᠰ᠂ ᠡᠷᠦᠳᠡᠰᠦᠨ ᠪᠤᠳᠠᠰ ᠤᠨ ᠲᠦᠭᠦᠬᠡᠢ | ᠮᠠᠲ᠋ᠧᠷᠢᠶᠠᠯ ᠪᠠ ᠦᠡᠭᠭᠡᠯᠡᠭᠴᠢ ᠡᠳ᠋ ᠵᠡᠷᠭᠡ ᠳᠤ ᠪᠦᠷ ᠠᠭᠤᠯᠤᠭᠳᠠᠵᠦ ᠪᠠᠶᠢᠳᠠᠭ᠃ ᠬᠡᠳᠦ᠋ᠢᠴᠢᠨᠡᠨ ᠲᠠᠪᠰᠢᠭᠰᠠᠨ | ᠮᠡᠷᠭᠡᠵᠢᠯ ᠴᠤ ᠭᠡᠰᠡᠨ ᠲᠤᠭᠤᠯᠭ᠎ᠠ ᠶᠢᠨ ᠦᠳᠭᠡᠴᠡ ᠶᠢ ᠪᠠᠭᠠᠰᠬᠠᠵᠦ ᠴᠢᠳᠠᠬᠤ ᠠᠴᠠ ᠪᠢᠰᠢ᠂ ᠬᠠᠷᠢᠨ ᠲᠡᠭᠦᠨ ᠢ | ᠪᠦᠷᠢᠮᠦᠰᠦᠨ ᠠᠷᠢᠯᠭᠠᠵᠦ ᠴᠢᠳᠠᠬᠤ ᠦᠭᠡᠢ ᠶᠤᠮ᠃ | ᠵᠠᠰᠠᠯ ᠴᠢᠮᠡᠭᠯᠡᠯ ᠤᠨ ᠡᠳ᠋ ᠲᠤ ᠠᠭᠤᠯᠤᠭᠳᠠᠬᠤ ᠲᠤᠭᠤᠯᠭ᠎ᠠ ᠶᠢᠨ ᠬᠡᠮᠵᠢᠭᠳᠡᠯ ᠤᠨ ᠪᠠᠷᠢᠮᠵᠢᠶ᠎ᠡ ᠨᠢ ᠴᠤᠬᠤᠮ | ᠬᠡᠳᠦᠢ ᠲᠤᠤᠷ᠎ᠠ ᠪᠠᠶᠢᠳᠠᠭ ᠪᠤᠢ︖ ᠲᠤᠮᠳᠠᠳᠦ ᠤᠯᠤᠰ ᠤᠨ ᠲᠤᠭᠳᠠᠭᠠᠭᠰᠠᠨ ᠲᠤᠭᠤᠯᠭ᠎ᠠ ᠶᠢᠨ ᠠᠭᠤᠯᠤᠭᠳᠠᠴᠠ ᠶᠢᠨ | ᠬᠠᠮᠤᠭ ᠶᠡᠭᠡ ᠬᠡᠮᠵᠢᠭᠳᠡᠯ ᠨᠢ 40 mg/kg᠂ ᠲᠠᠷᠤᠢ 40 ppm ᠪᠠᠶᠢᠵᠦ᠂ ᠠᠮᠧᠷᠢᠺᠡ ᠶᠢᠨ ᠢᠳᠡᠭᠡᠨ ᠪᠠ | ᠡᠮᠲᠦ ᠪᠤᠳᠠᠰ ᠤᠨ ᠬᠠᠮᠢᠶᠠᠷᠤᠯᠲᠠ ᠶᠢᠨ ᠲᠤᠪᠴᠢᠶ᠎ᠠ ᠨᠢ ᠡᠨᠡ ᠲᠤᠬᠠᠢ ᠨᠠᠷᠢᠨ ᠲᠤᠭᠳᠠᠭᠠᠯ ᠭᠠᠷᠭᠠᠭᠰᠠᠨ ᠦᠭᠡᠢ ᠴᠤ | ᠬᠡᠷᠡᠭᠯᠡᠵᠦ ᠮᠡᠳᠡᠬᠦ ᠲᠦᠭᠦᠬᠡᠢ ᠮᠠᠲ᠋ᠧᠷᠢᠶᠠᠯ ᠳᠤ ᠬᠠᠮᠢᠶ᠎ᠠ ᠪᠦᠬᠦᠢ ᠲᠤᠭᠳᠠᠭᠠᠯ ᠭᠠᠷᠭᠠᠵᠠᠢ᠃ ᠡᠶᠢᠮᠦ ᠠᠴᠠ | ᠬᠡᠷᠡᠭᠯᠡᠭᠴᠢᠳ ᠬᠡᠷᠪᠡ ᠬᠢᠷᠢ ᠲᠡᠩᠴᠡᠭᠰᠡᠨ ᠪᠦᠲᠦᠭᠡᠭᠳᠡᠬᠦᠨ ᠬᠤᠳᠠᠯᠳᠤᠵᠦ ᠠᠪᠬᠤ ᠳᠤ ᠬᠦᠷᠪᠡᠯ᠂ ᠲᠤᠭᠤᠯᠭ᠎ᠠ ᠨᠢ ︽ | ᠪᠠᠷᠢᠮᠵᠢᠶ᠎ᠠ ᠠᠴᠠ ᠬᠡᠲᠦᠷᠡᠬᠦ︾ ᠠᠴᠠ ᠡᠮᠢᠶᠡᠬᠦ ᠴᠢᠬᠤᠯᠠ ᠦᠭᠡᠢ ᠶᠤᠮ᠃ | ᠬᠤᠶᠠᠷ᠄ ᠤᠷᠤᠭᠤᠯ ᠤᠨ ᠪᠤᠳᠤᠭ ᠬᠡᠷᠡᠭᠯᠡᠬᠦ ᠳᠡᠭᠡᠨ ᠠᠩᠬᠠᠷᠬᠤ ᠵᠦᠢᠯᠡᠰ | 1. ᠤᠷᠤᠭᠤᠯ ᠤᠨ ᠪᠤᠳᠤᠭ ᠲᠦᠷᠬᠢᠬᠦ ᠠᠴᠠ ᠡᠮᠦᠨ᠎ᠡ ᠤᠷᠤᠭᠤᠯ ᠲᠡᠭᠡᠷ᠎ᠡ ᠪᠠᠨ ᠨᠢᠮᠭᠡᠭᠡᠨ ᠬᠡᠰᠡᠭ | ᠤᠷᠤᠭᠤᠯ ᠤᠨ ᠲᠤᠰᠤ ᠲᠦᠷᠬᠢᠬᠦ ᠬᠡᠷᠡᠭᠲᠠᠢ᠃ | 2. ᠪᠤᠳᠠᠭ᠎ᠠ ᠢᠳᠡᠬᠦ᠂ ᠤᠰᠤ ᠤᠤᠭᠤᠬᠤ ᠦᠶ᠎ᠡ ᠳᠡᠭᠡᠨ ᠤᠷᠤᠭᠤᠯ ᠤᠨ ᠪᠤᠳᠤᠭ ᠢᠶᠠᠨ ᠠᠷᠴᠢᠪᠠᠯ ᠵᠤᠬᠢᠨ᠎ᠠ᠃ | | 3. ᠤᠷᠤᠭᠤᠯ ᠤᠨ ᠪᠤᠳᠤᠭ ᠢᠶᠠᠨ ᠪᠤᠰᠤᠳ ᠬᠦᠮᠦᠰ ᠲᠤ ᠵᠢᠭᠡᠯᠡᠭᠦᠯᠦᠨ ᠭᠡᠷᠡᠭᠯᠡᠭᠦᠯᠵᠦ ᠪᠤᠯᠬᠤ ᠦᠭᠡᠢ᠃ | | 4. ᠴᠢᠨᠠᠷ ᠢ ᠪᠠᠲᠤᠯᠠᠬᠤ ᠬᠤᠭᠤᠴᠠᠭᠠᠨ ᠠᠴᠠ ᠬᠡᠲᠦᠷᠡᠭᠰᠡᠨ ᠪᠤᠶᠤ ᠨᠡᠭᠡᠭᠡᠭᠡᠳ 6 ᠰᠠᠷ᠎ᠠ ᠠᠴᠠ ᠲᠡᠭᠡᠭᠰᠢ | ᠪᠤᠯᠤᠭᠰᠠᠨ ᠪᠠᠶᠢᠪᠠᠯ ᠰᠢᠨ᠎ᠡ ᠶᠢ ᠰᠤᠯᠢᠬᠤ ᠬᠡᠷᠡᠭᠲᠠᠢ᠃ | 5. ᠤᠷᠤᠭᠤᠯ ᠤᠨ ᠪᠤᠳᠤᠭ ᠠᠴᠠ ᠦᠮᠡᠭᠡᠢ ᠦᠨᠦᠷ ᠭᠠᠷᠴᠦ ᠪᠠᠶᠢᠪᠠᠯ ᠬᠡᠷᠡᠭᠯᠡᠬᠦ ᠪᠠᠨ ᠳᠠᠷᠦ᠋ᠢᠬᠠᠨ | ᠵᠤᠭᠰᠤᠭᠠᠬᠤ ᠬᠡᠷᠡᠭᠲᠠᠢ᠃ ᠡᠨᠡᠬᠦ ᠦᠵᠡᠭᠳᠡᠯ ᠨᠢ ᠲᠤᠮᠤ ᠨᠡᠷᠡᠲᠦ ᠲᠡᠮᠳᠡᠭ ᠤᠨ ᠤᠷᠤᠭᠤᠯ ᠤᠨ ᠪᠤᠲᠤᠭ ᠲᠤ | ᠦᠷᠭᠦᠯᠵᠢ ᠬᠠᠷᠠᠭᠳᠠᠳᠠᠭ᠂ ᠡᠨᠡ ᠨᠢ ᠦᠢᠯᠡᠳᠪᠦᠷᠢᠯᠡᠯ ᠤᠨ ᠶᠠᠪᠤᠴᠠ ᠳᠤ ᠪᠠᠶᠢᠭᠠᠯᠢᠯᠢᠭ ᠪᠦᠷᠢᠯᠳᠦᠭᠦᠨ ᠭᠡᠷᠡᠭᠯᠡᠵᠦ᠂ | ᠢᠯᠵᠢᠷᠡᠬᠦ ᠶᠢ ᠰᠡᠷᠭᠡᠶᠢᠯᠡᠬᠦ ᠡᠳ᠋ ᠬᠢᠭᠰᠡᠨ ᠦᠭᠡᠢ ᠠᠴᠠ ᠬᠢᠮᠢ ᠶᠢᠨ ᠡᠯᠧᠮᠧᠨ᠋ᠲ ᠨᠢ ᠢᠰᠦᠯᠳᠦᠵᠦ | ᠤᠷᠪᠠᠯᠳᠤᠭᠰᠨᠨ ᠠᠴᠠ ᠪᠤᠯᠵᠠᠢ᠃ | ᠭᠤᠷᠪᠠ᠄ ᠪᠡᠶ᠎ᠡ ᠳᠡᠭᠡᠨ ᠲᠤᠬᠢᠷᠠᠭᠰᠠᠨ ᠤᠷᠤᠭᠤᠯ ᠤᠨ ᠪᠤᠳᠤᠭ ᠰᠤᠩᠭᠤᠬᠤ | ᠠᠷᠠᠰᠤᠨ ᠤ ᠦᠡᠭᠭᠡ ᠶᠢ ᠦᠨᠳᠦᠰᠦᠯᠡᠨ ᠤᠷᠤᠭᠤᠯ ᠤᠨ ᠪᠤᠳᠤᠭ ᠰᠤᠩᠭᠤᠬᠤ᠄ | 1. ᠬᠠᠷᠠᠪᠲᠤᠷ ᠴᠢᠷᠠᠢ ᠲᠠᠢ ᠬᠦᠮᠦᠰ᠄ ᠲᠤᠯᠠᠭᠠᠨ ᠦᠡᠭᠭᠡ ᠲᠤᠲᠤᠷ᠎ᠠ ᠠᠴᠠ ᠬᠦᠨ ᠰᠢᠭ ᠤᠯᠠᠭᠠᠨ | ᠦᠡᠭᠭᠡ ᠶᠢ ᠰᠤᠩᠭᠤᠨ᠎ᠠ᠂ ᠵᠢᠱᠢᠶᠡᠯᠡᠪᠡᠯ ᠬᠦᠷᠡᠩ ᠤᠯᠠᠭᠠᠨ᠂ ᠬᠦᠨ ᠤᠯᠠᠭᠠᠨ ᠦᠡᠭᠭᠡ ᠵᠡᠷᠭᠡ︔ | 2. ᠴᠠᠭᠠᠬᠠᠨ ᠴᠢᠷᠠᠢ ᠲᠠᠢ ᠬᠦᠮᠦᠰ᠄ ᠬᠦᠢᠲᠡᠨ ᠦᠡᠭᠭᠡᠨ ᠲᠤᠲᠤᠷ᠎ᠠ ᠠᠴᠠ ᠰᠤᠩᠭᠤᠨ᠎ᠠ᠂ ᠵᠢᠱᠢᠶᠡᠯᠡᠪᠡᠯ | ᠰᠠᠷᠭᠠᠢ ᠶᠢᠨ ᠤᠯᠠᠭᠠᠨ᠂ ᠲᠤᠭᠤᠷ ᠤᠨ ᠤᠯᠠᠭᠠᠨ᠂ ᠪᠤᠷᠤ ᠤᠯᠠᠭᠠᠨ ᠵᠡᠷᠭᠡ᠃ | ᠬᠡᠪ ᠨᠠᠮᠪᠠ ᠪᠠᠨ ᠦᠨᠳᠦᠰᠦᠯᠡᠨ ᠤᠷᠤᠭᠤᠯ ᠤᠨ ᠪᠤᠳᠤᠭ ᠰᠤᠩᠭᠤᠬᠤ᠄ | 1. ᠬᠦᠭᠡᠷᠦᠬᠦᠨ ᠴᠤᠪᠤᠭᠤᠯᠢᠭ ᠬᠠᠷᠠᠭᠳᠠᠭᠤᠯᠬᠤ᠄ ᠶᠠᠭᠠᠨ ᠦᠡᠭᠭᠡ ᠪᠠᠷ ᠲᠦᠯᠦᠭᠡᠯᠡᠭᠦᠯᠦᠭᠰᠡᠨ ᠭᠡᠶᠢᠪᠦᠷ | ᠦᠡᠭᠭᠡ︔ | 2. ᠡᠷᠭᠢᠮᠰᠦᠭ ᠭᠤᠸ᠎ᠠ ᠬᠠᠷᠠᠭᠳᠠᠭᠤᠯᠬᠤ᠄ ᠰᠠᠷᠭᠠᠢ ᠶᠢᠨ ᠤᠯᠠᠭᠠᠨ᠂ ᠪᠤᠷᠤ ᠤᠯᠠᠭᠠᠨ ᠪᠤᠶᠤ ᠬᠦᠷᠡᠩ ᠦᠡᠭᠭᠡ | ︔ | 3. ᠬᠦᠢᠳᠡᠮᠰᠦᠭ ᠭᠤᠸᠠᠯᠢᠭ ᠬᠠᠷᠠᠭᠳᠠᠭᠤᠯᠬᠤ᠄ ᠭᠦᠨ ᠤᠯᠠᠭᠠᠨ᠂ ᠵᠠᠭᠠᠷ ᠤᠨ ᠪᠤᠷᠤ ᠦᠡᠭᠭᠡ ᠵᠡᠷᠭᠡ᠃ | |