ᠤᠳᠤ ᠨᠢᠭᠡ ᠪᠦᠯᠦᠭ ᠮᠠᠯᠴᠢᠳ ᠭᠡᠷ ᠲᠡᠭᠡᠨ ᠰᠠᠭᠤᠵᠤ ᠪᠠᠶᠢᠭᠠᠳ ᠬᠠᠨᠠᠨ ᠳᠡᠯᠭᠡᠴᠡ ᠳᠡᠭᠡᠷ᠎ᠡ ᠠᠴᠠ ᠪᠠᠨ | ᠪᠡᠯᠴᠢᠭᠡᠷ ᠲᠠᠬᠢ ᠬᠤᠨᠢ ᠮᠠᠯ ᠤᠨ ᠢᠶᠠᠨ ᠪᠠᠶᠢᠳᠠᠯ ᠢ ᠦᠵᠡᠴᠢᠭᠡᠨᠡ︔ ᠳᠤᠤᠷ ᠭᠦᠷᠢᠶᠡᠨ ᠳᠤᠨᠢ ᠠᠶᠢᠯ ᠤᠨ ᠮᠠᠯ | ᠤᠨᠤᠭ᠎ᠠ ᠤᠷᠤᠵᠤ ᠢᠷᠡᠵᠤ ᠪᠠᠶᠢᠬᠤ ᠡᠰᠡᠭᠦ ᠶᠢ ᠮᠡᠳᠡᠴᠢᠭᠡᠨ᠎ᠡ︔ ᠬᠤᠳᠳᠤᠭ ᠤᠰᠤᠨ ᠳᠡᠭᠡᠷ᠎ᠡ ᠨᠢ ᠮᠠᠯ ᠤᠨᠤᠭ᠎ᠠ | ᠢᠷᠡᠵᠤ ᠪᠠᠶᠢᠬᠤ ᠶᠢ ᠤᠯᠤᠭᠠᠳ ᠬᠠᠷᠠᠴᠢᠬᠠᠳᠠᠭ ᠪᠤᠯᠤᠬᠰᠠᠨ ᠶᠤᠮ᠃ ᠮᠠᠯᠴᠢᠨ ᠲᠦᠮᠡᠨ ᠳᠤ ᠬᠤᠯᠠ ᠶᠢᠨ | ᠪᠡᠯᠴᠢᠭᠡᠷ ᠢ ᠬᠠᠨᠠᠨ ᠳᠡᠯᠭᠡᠴᠡ ᠳᠤ ᠳᠤᠳᠤᠷᠠᠭᠤᠯᠳᠠᠭ ᠡᠨᠡᠭᠦ ᠭᠠᠶᠢᠬᠠᠮᠰᠢᠬᠳᠤ ᠮᠠᠰᠢᠨ ᠢ ᠳᠡᠯᠡᠭᠡᠶᠢᠬᠤᠡᠭᠭᠤᠷ ᠭᠡᠳᠡᠭ | ᠭᠦᠮᠦᠨ ᠵᠤᠭᠢᠶᠠᠵᠤ ᠦᠭᠭᠦᠭᠰᠡᠨ ᠶᠤᠮ᠃ ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ | ᠳᠠᠷᠢᠶᠠᠯᠠᠩ ᠤᠨ ᠮᠠᠰᠢᠨ ᠮᠧᠬᠠᠨᠢᠬᠵᠢᠯᠳᠠ ᠵᠢᠴᠢ ᠠᠦ᠋ᠲ᠋ᠤᠴᠢᠯᠠᠯᠳᠠ ᠶᠢᠨ ᠳᠤᠰᠬᠠᠢ ᠮᠡᠷᠭᠡᠵᠢᠯ ᠤᠨ ᠰᠠᠯᠪᠤᠷᠢ ᠠᠴᠠ | ᠰᠤᠷᠤᠯᠭ᠎ᠠ ᠶᠢᠨ ᠭᠠᠷᠤᠭ᠎ᠠ ᠪᠠᠨ ᠠᠪᠴᠤ ᠭᠦᠳᠡᠭᠡ ᠨᠤᠳᠤᠭ ᠲᠠᠭᠠᠨ ᠭᠦᠷᠴᠤ ᠮᠠᠯᠵᠢᠬᠤ ᠦᠢᠯᠡᠳᠪᠦᠷᠢᠯᠡᠯ ᠳᠤ | ᠭᠦᠨᠵᠡᠭᠡᠶᠢᠷᠡᠵᠤ ᠶᠠᠪᠤᠬᠤ ᠳᠤᠮᠳᠠ ᠪᠠᠨ ᠳᠡᠷᠡ ᠮᠠᠯᠴᠢᠳ ᠮᠠᠯ ᠤᠨᠤᠭᠠᠨ ᠳᠠᠭᠠᠨ ᠭᠦᠯᠦᠰᠦᠨ ᠤ ᠭᠦᠮᠦᠨ ᠵᠠᠷᠤᠬᠤ | ᠪᠤᠶᠤ ᠮᠠᠯ ᠤᠨᠤᠭ᠎ᠠ ᠪᠠᠨ ᠡᠷᠭᠢᠵᠤ ᠳᠤᠭᠤᠷᠢᠵᠤ ᠦᠵᠡᠭᠦ ᠭᠡᠳ ᠮᠠᠰᠢᠨ ᠮᠤᠲ᠋ᠤᠷ ᠲᠠᠢ ᠳᠤᠤᠷ ᠭᠦᠷᠢᠶ᠎ᠡ ᠪᠠᠷ ᠢᠶᠠᠨ | ᠡᠷᠭᠢᠴᠡᠭᠡᠳ ᠢᠷᠡᠭᠦ ᠳᠤ ᠪᠠᠭ᠎ᠠ ᠪᠤᠰᠤ ᠵᠠᠷᠤᠳᠠᠯ ᠭᠠᠷᠳᠠᠭ ᠢ ᠮᠡᠳᠡᠭᠰᠡᠨ ᠤ ᠳᠠᠷᠠᠭ᠎ᠠ ᠮᠠᠯᠴᠢᠳ ᠤᠨ ᠡᠨᠡ ᠳᠠᠯ᠎ᠠ ᠶᠢᠨ | ᠵᠠᠷᠤᠳᠠᠯ ᠢ ᠠᠷᠪᠢᠯᠠᠬᠤ ᠪᠠᠷ ᠵᠤᠷᠢᠭ ᠰᠢᠭᠤᠳᠴᠤ ᠬᠤᠯᠠ ᠶᠢᠨ ᠪᠡᠯᠴᠢᠭᠡᠷ ᠢ ᠬᠠᠨᠠᠨ ᠳᠡᠭᠡᠷᠡᠭᠢ ᠲᠧᠯᠸᠢᠰ ᠪᠤᠶᠤ ᠭᠠᠷ | ᠤᠳᠠᠰᠤᠨ ᠳᠡᠭᠡᠷ᠎ᠡ ᠠᠴᠠ ᠪᠠᠨ ᠤᠯᠤᠭᠠᠳ ᠦᠵᠡᠴᠢᠭᠡᠳᠡᠭ ︽ᠭᠠᠶᠢᠬᠠᠮᠰᠢᠬᠳᠤ ᠳᠤᠷᠠᠨ︾ ᠡᠭᠦᠳᠭᠦ ᠪᠠᠷ ᠵᠤᠷᠢᠭ | ᠰᠢᠭᠤᠳᠤᠬᠰᠠᠨ ᠭᠡᠳᠡᠭ᠃ ᠢᠡᠭᠭᠢᠭᠡᠳ ᠳᠡᠷᠡ 2013 ᠤᠨ ᠤ ᠰᠡᠭᠦᠯᠴᠢ ᠪᠠᠷ ᠡᠨᠡᠭᠦ ︽ᠭᠠᠶᠢᠬᠠᠮᠰᠢᠬᠳᠤ ᠳᠤᠷᠠᠨ︾ | ᠢᠶᠠᠨ ᠦᠢᠯᠡᠳᠭᠦ ᠠᠵᠢᠯ ᠢᠶᠠᠨ ᠡᠭᠢᠯᠡᠭᠦᠯᠵᠤ᠂ ᠤᠯᠠᠨ ᠤᠯᠠᠨ ᠡᠳᠤᠷ ᠬᠤᠨᠤᠭ ᠢ ᠨᠤᠶᠢᠷ ᠬᠤᠭᠤᠯᠠ ᠦᠭᠡᠢ | ᠦᠡᠭᠭᠡᠷᠡᠨ ᠰᠢᠷᠭᠠᠭᠤ ᠬᠠᠳᠠᠭᠤᠵᠢᠯᠳᠠᠢ ᠠᠵᠢᠯᠯᠠᠬᠰᠠᠭᠠᠷ ᠪᠠᠶᠢᠵᠤ 2015 ᠤᠨ ᠳᠤ ᠤᠷᠤᠨ ᠵᠠᠢ ᠭᠢᠭᠡᠳ | ᠰᠦᠯᠵᠢᠶᠡᠨ ᠤ ᠭᠢᠵᠠᠭᠠᠷᠯᠠᠯ ᠢ ᠭᠦᠯᠢᠶᠡᠭᠦ ᠦᠭᠡᠢ ᠪᠠᠷ ᠪᠡᠯᠴᠢᠭᠡᠷ ᠲᠤ ᠪᠠᠶᠢᠭ᠎ᠠ ᠬᠤᠨᠢ ᠮᠠᠯ ᠢᠶᠠᠨ ᠭᠡᠷ ᠠᠴᠠ ᠪᠠᠨ | ᠰᠢᠭᠤᠳ ᠤᠯᠵᠤ ᠦᠵᠡᠳᠡᠭ ︽ᠭᠠᠶᠢᠬᠠᠮᠰᠢᠬᠳᠤ ᠳᠤᠷᠠᠨ︾ ᠢ ᠡᠭᠦᠳᠦᠨ ᠭᠠᠷᠭᠠᠬᠰᠠᠨ ᠪᠦᠭᠡᠳ ᠤᠯᠤᠰ ᠤᠨ | ᠳᠤᠰᠬᠠᠢ ᠠᠰᠢᠬ ᠤᠨ ᠡᠷᠬᠡ ᠶᠢᠨ ᠦᠨᠡᠮᠯᠡᠯ ᠢ ᠭᠦᠷᠳᠡᠭᠰᠡᠨ ᠠᠵᠢ᠃ ᠳᠡᠭᠦᠨ ᠤ ᠡᠨᠡᠭᠦ ︽ᠭᠠᠶᠢᠢᠬᠠᠮᠰᠢᠬᠳᠤ ᠳᠤᠷᠠᠨ︾ | ᠨᠢ ᠬᠠᠨᠠᠨ ᠳᠤ ᠤᠬᠰᠠᠷᠠᠬᠰᠠᠨ ᠲᠧᠯᠸᠢᠰ ᠳᠡᠭᠡᠷ᠎ᠡ ᠠᠴᠠ ᠪᠠᠨ ᠬᠤᠨᠢ ᠮᠠᠯ ᠢᠶᠠᠨ ᠦᠵᠡᠵᠤ ᠳᠡᠶᠢᠯᠭᠦ ᠪᠦᠭᠡᠳ | ᠴᠠᠭᠢᠯᠭᠠᠨ ᠰᠦᠯᠵᠢᠶ᠎ᠡ ᠨᠡᠪᠳᠡᠷᠡᠭᠰᠡᠨ ᠭᠠᠵᠠᠷ ᠪᠤᠯ ᠭᠠᠷ ᠤᠳᠠᠰᠤᠨ ᠳᠡᠭᠡᠷ᠎ᠡ ᠠᠴᠠ ᠪᠠᠨ ᠮᠠᠯ ᠤᠨᠤᠭ᠎ᠠ᠂ ᠬᠤᠷᠤᠭ᠎ᠠ | ᠬᠠᠰᠢᠶᠠᠨ ᠤ ᠪᠠᠨ ᠪᠠᠶᠢᠳᠠᠯ ᠢ ᠦᠵᠡᠵᠤ ᠳᠡᠶᠢᠯᠳᠡᠭ ᠷᠢᠳᠢ ᠰᠢᠳᠢ ᠲᠠᠢ ᠪᠤᠯᠬᠤᠷ ᠮᠠᠯᠴᠢᠨ ᠲᠦᠮᠡᠨ ᠤ ᠭᠦᠷᠢᠶᠡᠯᠡᠯ ᠢ | ᠶᠡᠭᠡᠳᠡ ᠤᠯᠵᠤ᠂ ᠮᠠᠯᠴᠢᠳ ᠳᠡᠭᠦᠨ ᠢ ᠤᠬᠰᠠᠷᠠᠬᠰᠠᠨ ᠤ ᠳᠠᠷᠠᠭ᠎ᠠ ᠭᠦᠯᠦᠰᠦᠨ ᠬᠤᠨᠢᠴᠢᠨ ᠵᠠᠷᠤᠬᠤ ᠭᠡᠷᠡᠭ ᠦᠭᠡᠢ᠂ | ᠬᠤᠨᠢ ᠮᠠᠯ ᠳᠠᠭᠠᠨ ᠪᠠᠶᠢᠨ ᠳᠠᠭᠢᠨ ᠶᠠᠪᠤᠬᠤ ᠴᠢᠬᠤᠯᠠ ᠦᠭᠡᠢ ᠪᠤᠯᠤᠬᠰᠠᠨ ᠠᠴᠠ ᠮᠠᠯ ᠠᠵᠤ ᠠᠬᠤᠢ ᠶᠢᠨ ᠵᠠᠷᠤᠳᠠᠯ | ᠪᠠᠷᠢᠳᠠᠯ ᠢ ᠶᠡᠭᠡᠪᠡᠷ ᠠᠷᠪᠢᠯᠠᠵᠤ ᠴᠢᠳᠠᠵᠠᠢ᠃ |