ᠬᠤᠨᠢᠨ ᠤ ᠪᠤᠭᠤᠮ᠎ᠠ ᠡᠪᠡᠳᠴᠢᠨ ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2018-01-12
    ᠪᠤᠭᠤᠮ᠎ᠠ ᠡᠪᠡᠳᠴᠢᠨ ᠭᠡᠵᠤ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠠᠴᠠ ᠡᠭᠦᠰᠦᠭᠰᠡᠨ ᠬᠦᠮᠦᠨ ᠠᠮᠢᠳᠠᠨ ᠪᠦᠷ ᠨᠡᠷᠪᠡᠭᠳᠡᠬᠦ ᠲᠦᠷᠭᠡᠨ ᠴᠢᠨᠠᠷᠳᠠᠢ ᠬᠠᠯᠳᠠᠪᠤᠷᠢᠳᠤ ᠡᠪᠡᠳᠴᠢᠨ ᠢ ᠬᠡᠯᠡᠵᠤ ᠪᠤᠢ᠃ ᠡᠪᠡᠳᠴᠢᠯᠡᠭᠰᠡᠨ ᠦᠬᠡᠷ ᠬᠤᠨᠢ ᠪᠤᠶᠤ ᠡᠪᠡᠳᠴᠢᠨ ᠢᠶᠠᠷ ᠦᠭᠦᠭᠰᠡᠨ ᠳᠡᠵᠢᠭᠡᠪᠦᠷᠢ ᠬᠢᠭᠡᠳ ᠪᠤᠵᠠᠷᠳᠤᠭᠰᠠᠨ ᠤᠷᠴᠢᠨ ᠳᠤᠭᠤᠷᠢᠨ ᠪᠤᠯ ᠬᠠᠯᠳᠠᠪᠤᠷᠢᠯᠠᠬᠤ ᠡᠬᠢ ᠪᠤᠯᠤᠨ᠎ᠠ᠃ ᠡᠪᠡᠳᠴᠢᠨ ᠤ ᠪᠠᠺᠲ᠋ᠧᠷᠢ ᠭᠤᠤᠯ ᠨᠢ ᠰᠢᠷᠬ᠎ᠠ᠂ ᠳᠡᠵᠢᠭᠡᠯ ᠪᠤᠯᠪᠠᠰᠤᠷᠠᠭᠤᠯᠬᠤ ᠵᠠᠮ᠂ ᠠᠮᠢᠰᠬᠤᠯ ᠤᠨ ᠵᠠᠮ ᠢᠶᠠᠷ ᠬᠠᠯᠳᠠᠪᠤᠷᠢᠯᠠᠨ᠎ᠠ᠃ ᠤᠯᠠᠩᠬᠢ ᠳᠠᠭᠠᠨ ᠤᠰᠤ ᠪᠤᠷᠤᠭᠠᠨ ᠶᠡᠭᠡ ᠤᠯᠠᠷᠢᠯ ᠳᠤ ᠢᠯᠡᠭᠦᠦ ᠡᠭᠦᠰᠳᠡᠭ᠃         1. ᠡᠪᠡᠳᠴᠢᠨ ᠤ ᠢᠯᠡᠷᠡᠯ᠃ ᠳᠠᠯᠳᠠ ᠬᠤᠭᠤᠴᠠᠭ᠎ᠠ 2 — 7 ᠡᠳᠦᠷ᠂ ᠡᠪᠡᠳᠴᠢᠨ ᠡᠭᠦᠰᠬᠦ ᠨᠢ ᠳᠦᠷᠭᠡᠨ᠂ ᠡᠪᠡᠳᠴᠢᠨ ᠤ ᠶᠠᠪᠤᠴᠠ ᠤᠬᠤᠷ ᠪᠠᠶᠢᠳᠠᠭ᠃ ᠡᠪᠡᠳᠴᠢᠳᠠᠢ ᠬᠤᠨᠢ ᠶᠢᠨ ᠪᠡᠶ᠎ᠡ ᠶᠢᠨ ᠳᠤᠯᠠᠭᠠᠨ ᠳᠡᠭᠡᠭᠰᠢᠯᠡᠵᠤ ︵41 ᠭᠷᠡᠳᠦ᠋ᠰ ᠠᠴᠠ ᠳᠡᠭᠡᠭᠰᠢ︶ ᠡᠪᠡᠳᠴᠢᠨ ᠤ ᠪᠠᠶᠢᠳᠠᠯ ᠬᠦᠨᠳᠤ ᠬᠡᠴᠡᠭᠦᠦ᠂ ᠭᠡᠨᠡᠳᠳᠡ ᠭᠠᠵᠠᠷ ᠤᠨᠠᠨ ᠬᠡᠪᠳᠡᠵᠤ᠂ ᠠᠮᠢᠰᠬᠤᠯ ᠬᠦᠴᠢᠷᠳᠡᠵᠤ᠂ ᠰᠠᠯᠢᠰᠤᠳᠤ ᠪᠦᠷᠭᠦᠪᠴᠢ ᠬᠦᠬᠡ ᠦᠩᠭᠡᠳᠡᠢ ᠪᠤᠯᠵᠤ᠂ ᠪᠦᠬᠦ ᠪᠡᠶ᠎ᠡ ᠨᠢ ᠳᠠᠳᠠᠪᠠᠯᠵᠠᠵᠤ᠂ ᠬᠡᠤᠬᠡᠨ ᠬᠠᠷᠠᠭ᠎ᠠ ᠳᠤᠮᠤᠷᠠᠵᠤ᠂ ᠠᠮᠠ ᠬᠠᠮᠠᠷ ᠵᠡᠷᠭᠡ ᠠᠴᠠ ᠬᠦᠬᠡᠰᠤ ᠲᠠᠢ ᠵᠢᠶᠠᠩᠶ᠋ᠢᠤ ᠮᠠᠳᠤ ᠴᠢᠰᠤ ᠭᠠᠷᠴᠤ᠂ ᠡᠭᠡᠳᠡᠬᠦ ᠦᠭᠡᠢ  ᠮᠦᠷᠳᠡᠭᠡᠨ‌‍ᠲ᠋ᠡᠵᠢᠭᠡᠪᠦᠷᠢ ᠬᠡᠳᠦᠨ ᠮᠢᠨᠦ᠋ᠲ ᠤᠨ ᠳᠤᠳᠤᠷ᠎ᠠ ᠦᠬᠦᠳᠡᠭ᠃ ᠭᠤᠤᠯᠳᠠᠭᠤ ᠡᠪᠡᠳᠴᠢᠨ ᠲᠠᠢ ᠳᠡᠵᠢᠭᠡᠪᠦᠷᠢ ᠳᠤ ᠤᠢᠢᠷᠠᠳᠬᠤ ᠪᠤᠶᠤ ᠳᠤᠰ ᠡᠪᠡᠳᠴᠢᠨ ᠢᠶᠠᠷ ᠦᠬᠦᠭᠰᠡᠨ ᠳᠡᠵᠢᠭᠡᠪᠦᠷᠢ ᠵᠢᠨ‌ᠮᠢᠬ᠎ᠠ ᠶᠢ ᠢᠳᠡᠬᠦ ᠪᠠᠷ ᠳᠠᠮᠵᠢᠨ ᠨᠡᠷᠪᠡᠭᠳᠡᠨ᠎ᠡ᠃         2. ᠡᠮᠨᠡᠨ ᠵᠠᠰᠠᠬᠤ ᠳᠡᠭᠡᠷᠡᠬᠢ ᠦᠭᠦᠯᠡᠭᠰᠡᠨ ᠮᠡᠳᠤ ᠰᠢᠨᠵᠢ ᠳᠡᠮᠳᠡᠭ ᠲᠠᠢ ᠡᠪᠡᠳᠴᠢᠯᠡᠭᠰᠡᠨ ᠮᠠᠯ ᠳᠡᠵᠢᠭᠡᠪᠦᠷᠢ ᠳᠤᠬᠢᠶᠠᠯᠳᠤᠪᠠᠯ ᠳᠠᠷᠤᠢ ᠳᠦᠷᠭᠡᠨ ᠳᠤᠰ ᠤᠷᠤᠨ ᠤ ᠬᠢᠵᠢᠭ ᠢ ᠰᠡᠷᠭᠡᠶᠢᠯᠡᠬᠦ ᠪᠠᠶᠢᠭᠤᠯᠤᠯᠭ᠎ᠠ ᠳᠤ ᠮᠡᠳᠡᠭᠳᠡᠬᠦ ᠬᠡᠷᠡᠭᠳᠡᠢ᠃ ᠦᠬᠦᠳᠡᠯ ᠢ ᠵᠠᠳᠠᠯᠬᠤ ᠶᠢ ᠡᠷᠡᠰ ᠴᠡᠭᠡᠷᠯᠡᠵᠤ᠂ ᠨᠡᠩ ᠡᠪᠴᠢᠵᠤ ᠮᠢᠬ᠎ᠠ ᠶᠢ ᠨᠢ ᠢᠳᠡᠵᠤ ᠪᠤᠯᠬᠤ ᠦᠭᠡᠢ᠂ ᠦᠬᠦᠳᠡᠯ ᠢ ᠡᠷᠬᠡᠪᠰᠢ ᠬᠦᠨ ᠪᠤᠯᠠᠵᠤ᠂ ᠪᠤᠵᠠᠷᠳᠤᠭᠰᠠᠨ ᠭᠠᠵᠠᠷ ᠤᠨ ᠰᠢᠷᠤᠢ ᠶᠢ ᠬᠦᠷᠵᠠ ᠪᠠᠷ ᠬᠤᠰᠤᠨ ᠠᠪᠴᠤ ᠦᠬᠦᠳᠡᠯ ᠲᠠᠢ ᠬᠠᠮᠳᠤ ᠬᠦᠨ ᠪᠤᠯᠠᠵᠤ ᠬᠠᠶᠠᠨ᠎ᠠ᠃ ᠡᠪᠡᠳᠴᠢᠳᠠᠢ ᠬᠤᠨᠢᠨ ᠳᠤ ᠪᠤᠵᠠᠷᠳᠤᠭᠰᠠᠨ ᠬᠤᠷᠤᠭ᠎ᠠ ᠬᠠᠰᠢᠶ᠎ᠠ᠂ ᠪᠠᠭᠠᠵᠢ ᠬᠡᠷᠡᠭᠰᠡᠯ᠂ᠪᠤᠷᠳᠤᠭ᠎ᠠ ᠬᠢᠭᠡᠳ ᠤᠷᠴᠢᠨ ᠳᠤᠭᠤᠷᠢᠨ ᠢ ᠰᠠᠶᠢᠳᠤᠷ ᠠᠷᠢᠭᠤᠳᠬᠠᠨ᠎ᠠ᠃ ᠪᠤᠭᠤᠮ᠎ᠠ ᠡᠭᠦᠰᠴᠤ ᠦᠩᠭᠡᠷᠡᠭᠰᠡᠨ ᠭᠠᠵᠠᠷ ᠤᠷᠤᠨ ᠳᠤ ᠵᠢᠯ ᠪᠦᠷᠢ ᠪᠤᠭᠤᠮ᠎ᠠ ᠶᠢᠨ ᠰᠫᠤᠷ ᠤᠨ ᠸᠠᠺᠼᠢᠨ ᠤ ᠳᠠᠷᠢᠯᠭ᠎ᠠ ᠳᠠᠷᠢᠨ ᠰᠡᠷᠭᠡᠶᠢᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号