ᠰᠢᠨ᠎ᠡ ᠴᠠᠭ ᠦᠶ᠎ᠡ ᠶᠢᠨ ᠤᠷᠠᠨ ᠲᠠᠷᠬᠠᠨ ᠤ ᠤᠯᠠᠮᠵᠢᠯᠠᠭᠴᠢ ᠬᠡ᠊᠂ ᠪᠠᠭᠠᠳᠤᠷ ᠨᠠᠰᠤᠳᠠᠨ
ᠨᠡᠶᠢᠲᠡᠯᠡᠭᠰᠡᠨ ᠴᠠᠭ᠄
2018-01-15
    ᠡᠮᠡᠬᠡᠯ ᠨᠢ ᠮᠤᠩᠭᠤᠯ ᠦᠨᠳᠦᠰᠦᠳᠡᠨ ᠤ ᠴᠢᠬᠤᠯᠠ ᠦᠢᠯᠡᠳᠪᠤᠷᠢᠯᠡᠯ ᠠᠮᠢᠳᠤᠷᠠᠯ ᠤᠨ ᠪᠠᠭᠠᠵᠢ ᠬᠡᠷᠡᠭᠰᠡᠯ ᠪᠤᠯᠬᠤ ᠪᠠᠷ ᠪᠠᠷᠠᠬᠤ ᠦᠬᠡᠢ ᠦᠨᠳᠦᠰᠦᠳᠡᠨ ᠤ ᠰᠤᠶᠤᠯ ᠤᠨ ᠴᠢᠬᠤᠯᠠ ᠠᠭᠤᠯᠭ᠎ᠠ ᠪᠠᠶᠢᠵᠦ᠂ ᠭᠠᠷ ᠢᠶᠠᠷ ᠤᠷᠠᠯᠠᠨ ᠪᠦᠳᠦᠬᠡᠭᠰᠡᠨ ᠨᠠᠷᠢᠯᠢᠭ ᠬᠢᠴᠡ ᠲᠠᠢ ᠡᠮᠡᠬᠡᠯ ᠨᠢ ᠲᠡᠷᠡ ᠴᠢᠭ ᠢᠶᠠᠷ ᠢᠶᠠᠨ ᠨᠢᠬᠡᠨ ᠤᠷᠠᠯᠢᠭ ᠤᠨ ᠪᠦᠳᠦᠬᠡᠭᠳᠡᠬᠦᠨ ᠪᠤᠯᠬᠤ ᠶᠤᠮ᠃ ᠦᠨᠦ ᠵᠢᠯ 72 ᠨᠠᠰᠤᠳᠠᠢ ᠤᠷᠠᠨ ᠲᠠᠷᠬᠠᠨ ᠬᠡ᠊᠂ ᠪᠠᠭᠠᠳᠤᠷ ᠨᠠᠰᠤᠳᠠᠨ ᠡᠳᠦᠷ ᠪᠦᠷᠢ ᠡᠮᠡᠬᠡᠯ ᠤᠷᠠᠯᠠᠨ ᠪᠦᠳᠦᠬᠡᠵᠦ᠂ ᠬᠡᠳᠦᠨ ᠠᠷᠪᠠᠨ ᠵᠢᠯ ᠢ ᠨᠢᠬᠡ ᠡᠳᠦᠷ ᠮᠡᠳᠦ ᠦᠩᠬᠡᠷᠡᠬᠦᠯᠦᠨ᠂ ᠮᠤᠩᠭᠤᠯ ᠦᠨᠳᠦᠰᠦᠳᠡᠨ ᠤ ᠡᠮᠡᠬᠡᠯ ᠤᠨ ᠰᠤᠶᠤᠯ ᠢ ᠤᠯᠠᠮᠵᠢᠯᠠᠨ ᠲᠡᠯᠬᠡᠷᠡᠬᠦᠯᠬᠦ ᠲᠡᠬᠡᠷ᠎ᠡ ᠬᠦᠴᠦ ᠪᠠᠨ ᠡᠷᠬᠦᠨ᠂ ᠲᠤᠰ ᠪᠡᠶ᠎ᠡ ᠶᠢᠨ ᠦᠢᠯᠡ ᠠᠵᠢᠯᠯᠠᠭ᠎ᠠ ᠪᠠᠷ ᠢᠶᠠᠨ ᠰᠢᠨ᠎ᠡ ᠴᠠᠭ ᠦᠶ᠎ᠡ ᠶᠢᠨ ᠤᠷᠠᠨ ᠲᠠᠷᠬᠠᠨ ᠤ ᠵᠤᠷᠢᠭ ᠰᠠᠨᠠᠭ᠎ᠠ ᠶᠢ ᠢᠯᠡᠷᠡᠬᠦᠯᠦᠭᠰᠡᠬᠡᠷ ᠢᠷᠡᠵᠡᠢ     1963 ᠤᠨ ᠳᠤ ᠦᠨᠳᠦᠰᠦᠳᠡᠨ ᠤ ᠭᠠᠷ ᠤᠷᠠᠯᠠᠯ ᠢ ᠰᠤᠷᠴᠦ ᠤᠯᠠᠮᠵᠢᠯᠠᠬᠤ ᠤᠷᠬᠢᠯᠤᠮ᠎ᠠ ᠬᠠᠯᠠᠭᠤᠨ ᠰᠡᠳᠬᠢᠯᠬᠡ ᠶᠢ ᠡᠪᠦᠷᠯᠡᠨ᠂ ᠬᠡ᠊᠂ ᠪᠠᠭᠠᠳᠤᠷ ᠪᠠᠭᠰᠢ ᠲᠠᠭᠠᠵᠦ ᠡᠮᠡᠬᠡᠯ ᠤᠷᠠᠯᠠᠬᠤ ᠤᠷ᠎ᠠ ᠮᠡᠷᠬᠡᠵᠢᠯ ᠢ ᠰᠤᠷᠴᠠᠢ᠃ ᠲᠡᠷᠡ ᠦᠶ᠎ᠡ ᠳᠤ ᠵᠦᠪᠬᠡᠨ 17 ᠨᠠᠰᠤᠳᠠᠢ ᠪᠠᠶᠢᠭᠰᠠᠨ ᠲᠡᠷᠡᠪᠡᠷ ᠡᠨᠡᠬᠦ ᠰᠤᠩᠭᠤᠯᠳᠠ ᠨᠢ ᠲᠡᠬᠦᠨ ᠤ ᠨᠢᠬᠡ ᠨᠠᠰᠤᠨ ᠎ ᠤ ᠠᠵᠢᠯ ᠦᠢᠯᠡᠰ ᠪᠤᠯᠬᠤ ᠶᠢ ᠶᠠᠭᠠᠬᠢᠵᠦ ᠮᠡᠳᠡᠬᠡᠪ᠂ ᠤᠳᠤ ᠨᠢᠬᠡᠨᠳᠡ ᠲᠠᠪᠢ ᠭᠠᠷᠤᠢ ᠵᠢᠯ ᠦᠩᠬᠡᠷᠡᠵᠦ᠂ ᠲᠡᠬᠦᠨ ᠎ ᠲᠠᠢ ᠬᠠᠮᠳᠤ ᠰᠤᠷᠤᠯᠴᠠᠵᠦ ᠪᠠᠶᠢᠭᠰᠠᠨ ᠨᠦᠬᠦᠳ ᠤᠨ ᠤᠯᠠᠩᠬᠢ ᠨᠢ ᠲᠠᠷᠬᠠᠨ ᠤ ᠠᠵᠢᠯ ᠬᠢᠬᠦ ᠦᠬᠡᠢ ᠪᠤᠯᠵᠦ᠂ ᠨᠠᠰᠤᠳᠠᠨ ᠭᠤᠸᠠᠢ ᠯᠡ ᠦᠨᠦ ᠪᠤᠯᠳᠠᠯ᠎ᠠ ᠲᠡᠬᠦᠨ ᠤ ᠵᠢᠵᠢᠭᠬᠡᠨ ᠠᠵᠢᠯᠯᠠᠬᠤ ᠦᠷᠦᠬᠡᠨ ᠳᠡᠭᠡᠨ ᠬᠦᠰᠡᠯᠡᠩ ᠢᠶᠠᠨ ᠬᠦᠬᠡᠬᠡᠴᠡᠯᠳᠦᠵᠦ᠂ ᠦᠢᠯᠡᠰ ᠢᠶᠠᠨ ᠪᠠᠷᠢᠮᠳᠠᠯᠠᠭᠰᠠᠭᠠᠷ ᠪᠤᠢ᠃     ᠰᠤᠷᠪᠤᠯᠵᠢᠯᠠᠭᠴᠢ ᠨᠠᠰᠤᠳᠠᠨ ᠤ ᠡᠮᠡᠬᠡᠯ ᠤᠷᠠᠯᠠᠵᠦ ᠪᠦᠳᠦᠬᠡᠬᠦ ᠵᠢᠵᠢᠭᠬᠡᠨ ᠠᠵᠢᠯᠯᠠᠬᠤ ᠦᠷᠦᠬᠡᠨ ᠳᠤ ᠨᠢ ᠰᠤᠷᠪᠤᠯᠵᠢᠯᠠᠵᠦ ᠬᠦᠷᠬᠦ ᠳᠤ ᠭ᠊᠂ ᠪᠠᠭᠠᠳᠤᠷ ᠨᠠᠰᠤᠳᠠᠨ ᠦᠪᠡᠷ ᠤᠨ ᠪᠦᠳᠦᠬᠡᠯ᠂ ᠬᠠᠳᠠᠭᠠᠯᠠᠭᠰᠠᠨ ᠡᠷᠳᠡᠨ ᠤ ᠪᠤᠳᠠᠰ ᠎ ᠢᠶᠠᠨ ᠠᠯᠮᠠᠰ ᠡᠷᠳᠡᠨᠢ ᠮᠡᠳᠦ ᠪᠠᠷ ᠨᠢᠬᠡᠳ ᠨᠢᠬᠡ ᠪᠠᠷ ᠨᠠᠷᠢᠨ ᠨᠢᠮᠪᠠᠢ ᠲᠠᠨᠢᠯᠴᠠᠭᠤᠯᠵᠦ ᠪᠠᠶᠢᠯ᠎ᠠ᠃ ᠡᠮᠡᠬᠡᠯ ᠠᠴᠠ ᠭᠠᠳᠠᠨ᠎ᠠ ᠪᠠᠰᠠ ᠨᠠᠰᠤᠳᠠᠨ ᠨᠢᠬᠡ ᠪᠦᠯᠦᠭ ᠴᠢᠳᠬᠤᠮᠠᠯ ᠵᠡᠰ ᠤᠨ ᠱᠤᠭᠤᠮᠠᠯ ᠵᠢᠴᠢ ᠠᠮᠢᠳᠠᠨ ᠤ ᠦᠯᠢᠬᠡᠷ ᠲᠦᠷᠢ ᠵᠡᠷᠬᠡ ᠭᠠᠷ ᠤᠷᠠᠯᠠᠯ ᠤᠨ ᠪᠦᠳᠦᠬᠡᠭᠳᠡᠬᠦᠨ ᠶᠢ ᠤᠷᠠᠯᠠᠨ ᠪᠦᠳᠦᠬᠡᠭᠰᠡᠨ ᠪᠠᠶᠢᠳᠠᠭ᠃ ᠬᠡ᠊᠂ ᠪᠠᠭᠠᠳᠤᠷ ᠨᠠᠰᠤᠳᠠᠨ ᠠᠩᠬᠠᠨ ᠤ ᠭᠠᠷ ᠤᠷᠠᠯᠠᠯ ᠳᠤ ᠤᠷᠮ᠎ᠠ ᠪᠠᠭ᠋ᠠᠳᠠᠢ ᠰᠡᠳᠬᠢᠯᠬᠡ ᠶᠢ ᠡᠪᠦᠷᠯᠡᠨ᠂ ᠴᠢᠨᠠᠭᠰᠢᠯᠠᠨ ᠨᠢᠮᠪᠠᠢ ᠰᠤᠳᠤᠯᠤᠨ ᠬᠦᠨᠵᠡᠬᠡᠢ ᠤᠷᠤᠯᠳᠤᠭᠰᠠᠨ ᠠᠴᠠ ᠰᠢᠨ᠎ᠡ ᠪᠠᠷᠭᠤ ᠵᠡᠬᠦᠨ ᠬᠤᠰᠢᠭᠤᠨ ᠤ ᠡᠮᠡᠬᠡᠯ ᠤᠨ ᠭᠠᠷ ᠤᠷᠠᠯᠠᠯ ᠤᠨ ᠨᠢᠬᠡᠳᠦᠬᠡᠷ ᠵᠠᠯᠭᠠᠮᠵᠢᠯᠠᠭᠴᠢ ᠬᠦᠮᠦᠨ ᠪᠤᠯᠤᠭᠰᠠᠨ ᠶᠤᠮ᠃     ᠰᠤᠷᠪᠤᠯᠵᠢᠯᠠᠭ᠎ᠠ᠄   ᠠᠬᠠᠮᠠᠳ ᠤᠷᠠᠨ ᠲᠠᠷᠬᠠᠨ ᠬᠡ᠊᠂ ᠪᠠᠭᠠᠳᠤᠷ     ᠦᠷᠯᠦᠬᠡ ᠪᠦᠷᠢ ᠭ᠊᠂ ᠪᠠᠭᠠᠳᠤᠷ ᠨᠠᠰᠤᠳᠠᠨ ᠡᠷᠳᠡ ᠶᠢᠨ ᠨᠠᠷᠠ ᠲᠠᠢ ᠤᠷᠤᠯᠳᠤᠨ ᠦᠪᠡᠷ ᠤᠨ ᠠᠵᠢᠯᠯᠠᠬᠤ ᠦᠷᠦᠬᠡᠨ ᠳᠤ ᠪᠠᠨ ᠢᠷᠡᠵᠦ ᠰᠠᠭᠤᠪᠠᠯ ᠪᠦᠳᠦᠨ ᠨᠢᠬᠡ ᠡᠳᠦᠷ ᠰᠠᠭᠤᠴᠢᠬᠠᠳᠠᠭ᠃ ᠡᠨᠡᠬᠦ ᠭᠠᠷ ᠤᠷᠠᠯᠠᠯ ᠢ ᠤᠷᠬᠢᠭᠳᠠᠵᠦ ᠬᠡᠬᠡᠭᠳᠡᠬᠦᠯᠬᠦ ᠦᠬᠡᠢ ᠶᠢᠨ ᠲᠦᠯᠦᠬᠡ ᠲᠡᠷᠡ ᠡᠨᠡ ᠬᠡᠳᠦᠨ ᠵᠢᠯ ᠨᠡᠯᠢᠶᠡᠳ ᠤᠯᠠᠨ ᠱᠠᠪᠢ ᠡᠯᠰᠡᠭᠰᠡᠨ ᠪᠤᠯᠪᠠᠴᠤ ᠲᠡᠬᠦᠨ ᠤ ᠬᠠᠳᠠᠭᠤ ᠴᠢᠩᠭ᠎ᠠ ᠪᠠᠷᠢᠮᠵᠢᠶ᠎ᠠ ᠱᠠᠭᠠᠷᠳᠠᠯᠭ᠎ᠠ ᠤᠨ ᠡᠮᠦᠨ᠎ᠡ ᠨᠡᠯᠢᠶᠡᠳ ᠤᠯᠠᠨ ᠱᠠᠪᠢ ᠨᠠᠷ ᠨᠢ ᠲᠤᠷᠭᠤᠨ ᠤᠷᠬᠢᠭᠰᠠᠨ ᠪᠠᠶᠢᠯ᠎ᠠ᠃ ︽ᠡᠮᠡᠬᠡᠯ ᠤᠷᠠᠯᠠᠵᠦ ᠪᠦᠳᠦᠬᠡᠬᠦ ᠳᠤ ᠪᠤᠰᠤᠳ ᠢ ᠤᠬᠠᠭᠠᠯᠠᠵᠦ ᠬᠠᠭᠤᠳᠠᠮᠠᠭᠠᠶᠢᠯᠠᠵᠦ ᠪᠤᠯᠬᠤ ᠦᠬᠡᠢ︾ ᠬᠡᠳᠡᠭ ᠪᠤᠯ ᠬᠡ᠊᠂ ᠪᠠᠭᠠᠳᠤᠷ ᠨᠠᠰᠤᠳᠠᠨ ᠤ ᠪᠠᠭᠰᠢ ᠶᠢᠨ ᠲᠡᠬᠦᠨ ᠳᠤ ᠵᠠᠬᠢᠭᠰᠠᠨ ᠦᠬᠡ ᠪᠠᠶᠢᠵᠦ᠂ ᠲᠡᠷᠡ ᠮᠦᠨ ᠴᠤ ᠡᠨᠡᠬᠦ ᠰᠤᠷᠭᠠᠯ ᠢ ᠱᠠᠪᠢ ᠨᠠᠷ ᠲᠤ ᠪᠠᠨ ᠤᠯᠠᠮᠵᠢᠯᠠᠨ ᠵᠠᠬᠢᠵᠦ᠂ ᠲᠡᠬᠦᠨ ᠤ ᠲᠠᠨᠢᠯᠴᠠᠭᠤᠯᠤᠭᠰᠠᠨ ᠢᠶᠠᠷ ᠪᠠᠭᠰᠢ ᠶᠢᠨ ᠵᠠᠬᠢᠶᠠᠰᠤ ᠨᠢ ᠤᠨᠤᠭᠠᠴᠢᠨ ᠤ ᠠᠮᠤᠷ ᠲᠦᠪᠰᠢᠨ ᠢ ᠪᠠᠳᠤᠯᠠᠬᠤ ᠎ ᠶᠢᠨ ᠲᠦᠯᠦᠬᠡ ᠪᠠᠷ ᠪᠠᠷᠠᠬᠤ ᠦᠬᠡᠢ ᠮᠦᠨ ᠴᠤ ᠤᠷᠠᠨ ᠲᠠᠷᠬᠠᠨᠴᠤᠳ ᠤᠨ ᠠᠵᠢᠯ ᠦᠢᠯᠡᠰ ᠳᠤ ᠪᠠᠨ ᠦᠨᠡᠨᠴᠢ ᠰᠡᠳᠬᠢᠯ ᠮᠦᠨ ᠬᠡᠪᠡ᠃     ᠰᠤᠷᠪᠤᠯᠵᠢᠯᠠᠭ᠎ᠠ᠄ ᠠᠬᠠᠮᠠᠳ ᠤᠷᠠᠨ ᠲᠠᠷᠬᠠᠨ ᠬᠡ᠊᠂ ᠪᠠᠭᠠᠳᠤᠷ     ᠬᠡ᠊᠂ ᠪᠠᠭᠠᠳᠤᠷ ᠨᠠᠰᠤᠳᠠᠨ ᠳᠤ ᠠᠪᠴᠤ ᠬᠡᠯᠡᠬᠦ ᠳᠤ ᠡᠮᠡᠬᠡᠯ ᠬᠢᠬᠦ ᠠᠴᠠ ᠭᠠᠳᠠᠨ᠎ᠠ ᠨᠠᠭᠠᠳᠴᠤ ᠵᠤᠭᠤᠭᠳᠠᠬᠤ ᠰᠤᠯᠠ ᠰᠡᠯᠡᠬᠦᠤ ᠴᠠᠭ ᠬᠡᠵᠦ ᠪᠠᠶᠢᠬᠤ ᠦᠬᠡᠢ ᠪᠠᠶᠢᠳᠠᠭ᠃ ᠲᠡᠬᠦᠨ ᠤ ᠦᠵᠡᠬᠦ ᠪᠠᠷ ᠡᠮᠡᠬᠡᠯ ᠤᠷᠠᠯᠠᠵᠦ ᠪᠦᠳᠦᠬᠡᠬᠦ ᠨᠢ ᠯᠡ ᠤᠷᠳᠤ ᠬᠤᠭᠤᠴᠠᠭ᠎ᠠ ᠪᠠᠷ ᠲᠡᠬᠦᠨ ᠤ ᠰᠤᠨᠢᠷᠬᠠᠯ ᠢ ᠲᠠᠳᠠᠵᠦ ᠴᠢᠳᠠᠳᠠᠭ ᠪᠠᠶᠢᠵᠦ᠂ ᠡᠨᠡᠬᠦ ᠰᠤᠨᠢᠷᠬᠠᠯ ᠳᠤ ᠪᠠᠨ ᠲᠠᠳᠠᠭᠳᠠᠨ᠂ ᠲᠡᠷᠡ ᠡᠨᠡᠬᠦ ᠲᠤᠬᠠᠶᠢᠯᠠᠭᠰᠠᠨ ᠠᠵᠢᠯ ᠢ ᠰᠤᠩᠭᠤᠭᠰᠠᠨ ᠢᠶᠠᠷ ᠪᠠᠷᠠᠬᠤ ᠦᠬᠡᠢ ᠡᠳᠦᠶᠢᠴᠢᠨᠡᠨ ᠵᠢᠯ ᠪᠠᠷᠢᠮᠳᠠᠯᠠᠵᠦ᠂ ᠦᠷᠦᠬᠡᠯ ᠪᠤᠰᠤᠳ ᠤᠨ ᠰᠠᠶᠢᠨ ᠦᠨᠡᠯᠡᠯᠳᠡ ᠪᠠ ᠦᠢ ᠤᠯᠠᠨ ᠢᠷᠠᠭᠤ ᠠᠯᠳᠠᠷ ᠢ ᠤᠯᠤᠭᠰᠠᠨ ᠶᠤᠮ ᠃ ᠬᠡᠪᠡᠴᠦ ᠨᠠᠰᠤᠳᠠᠨ ᠭᠤᠸᠠᠢ ᠡᠨᠡ ᠤᠯᠠᠨ ᠢᠷᠠᠭᠤ ᠠᠯᠳᠠᠷ ᠤᠨ ᠡᠮᠦᠨ᠎ᠡ ᠪᠢ ᠬᠠᠷᠢᠨ ᠦᠪᠡᠷ ᠢ ᠪᠠᠨ ︽ᠦᠪᠡᠷ ᠎ ᠤᠨ ᠬᠢᠬᠦ ᠲᠤᠷᠠᠳᠠᠢ ᠵᠦᠢᠯᠡᠰ ᠢᠶᠠᠨ ᠬᠢᠵᠦ᠂ ᠬᠤᠪᠢ ᠪᠡᠶ᠎ᠡ ᠶᠢᠨ ᠲᠠᠪᠠᠭᠤᠯᠢᠭ ᠢᠶᠠᠨ ᠪᠠᠳᠠᠷᠠᠭᠤᠯᠦᠨ᠂ ᠪᠤᠰᠤᠳ ᠤᠨ ᠰᠠᠶᠢᠨ ᠦᠨᠡᠯᠡᠯᠳᠡ ᠶᠢ ᠤᠯᠬᠤ ᠶᠢ ᠬᠦᠰᠡᠳᠡᠭ ᠵᠢᠷ ᠤᠨ ᠨᠢᠬᠡᠨ ᠤᠷᠠᠨ ᠲᠠᠷᠬᠠᠨ︾ ᠬᠡᠵᠦ ᠦᠵᠡᠳᠡᠭ ᠬᠡᠵᠦ ᠶᠠᠷᠢᠵᠦ ᠪᠠᠶᠢᠪᠠ᠃     ᠤᠯᠠᠩᠬᠢ ᠬᠦᠮᠦᠰ ᠤᠷᠠᠨ ᠲᠠᠷᠬᠠᠨ ᠤ ᠠᠵᠢᠯ ᠪᠤᠯ ᠵᠦᠪᠬᠡᠨ ᠲᠦᠬᠦᠮ ᠮᠠᠰᠢᠨ ᠮᠧᠬᠠᠨᠢᠭ ᠢ ᠬᠡᠷᠡᠭᠯᠡᠨ᠂ ᠤᠷᠠᠯᠠᠵᠦ ᠪᠦᠳᠦᠬᠡᠬᠦ ᠬᠡᠵᠦ ᠦᠢᠯᠠᠭᠠᠳᠠᠭ᠃ ᠶᠠᠭ ᠦᠨᠡᠨ ᠳᠤ ᠪᠠᠨ ᠪᠤᠯ ︽ᠤᠷᠠᠨ ᠲᠠᠷᠬᠠᠨᠴᠤᠳ︾᠎ ᠨᠢ ᠰᠢᠨ᠎ᠡ ᠴᠠᠭ ᠦᠶ᠎ᠡ ᠳᠤ ᠡᠪᠦᠭᠡ ᠲᠡᠬᠡᠳᠦ ᠠᠴᠠ ᠤᠯᠠᠮᠵᠢᠯᠠᠭᠰᠠᠨ ᠰᠢᠯᠢᠳᠡᠭ ᠤᠯᠠᠮᠵᠢᠯᠠᠯᠳᠦ ᠭᠠᠷ ᠤᠷᠠᠯᠠᠯ ᠢ ᠤᠯᠠᠮᠵᠢᠯᠠᠨ ᠲᠡᠯᠬᠡᠷᠡᠬᠦᠯᠬᠦ ᠶᠢᠨ ᠵᠡᠷᠬᠡᠪᠡᠷ ᠨᠡᠶᠢᠬᠡᠮ ᠤᠨ ᠡᠷᠬᠢᠮ ᠲᠡᠬᠡᠳᠦ ᠬᠠᠷᠢᠭᠤᠴᠠᠯᠭ᠎ᠠ ᠪᠠ ᠬᠤᠪᠢ ᠬᠦᠮᠦᠨ ᠤ ᠬᠡᠪ ᠪᠤᠯᠪᠠᠰᠤᠷᠠᠯ ᠢ ᠢᠯᠡᠷᠡᠬᠦᠯᠦᠨ᠂ ᠡᠨᠡᠬᠦ ᠬᠦᠨᠳᠦ ᠬᠠᠷᠢᠭᠤᠴᠠᠯᠭ᠎ᠠ ᠶᠢᠨ ᠡᠮᠦᠨ᠎ᠡ ᠤᠷᠠᠨ ᠲᠠᠷᠬᠠᠨᠴᠤᠳ ᠮᠠᠨᠢ ᠴᠤᠴᠠᠰᠢ ᠦᠬᠡᠢ ᠴᠢᠷᠮᠠᠶᠢᠭᠰᠭᠠᠷ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号