ᠬᠤᠨᠢ ᠢᠮᠠᠭ᠎ᠠ ᠶᠢ ᠪᠤᠷᠤᠭᠠᠨ ᠳᠤ ᠳᠠᠭᠠᠷᠠᠭᠤᠯᠵᠤ ᠪᠤᠯᠬᠤ ᠦᠭᠡᠢ
ᠨᠡᠶᠢᠲᠡᠯᠡᠭᠰᠡᠨ ᠴᠠᠭ᠄
2018-02-26
     ᠵᠤᠨ ᠤ ᠤᠯᠠᠷᠢᠯ ᠳᠤ ᠬᠦᠢᠲᠡᠨ ᠪᠤᠷᠤᠭᠠᠨ ᠨᠢ ᠪᠤᠬ ᠮᠠᠯ ᠤᠨ ᠠᠷᠠᠴᠢᠯᠠᠯᠳᠠ ᠬᠠᠮᠢᠶᠠᠷᠤᠯᠲᠠ ᠳᠤ ᠮᠠᠰᠢ ᠶᠡᠭᠡ ᠨᠦᠯᠤᠭᠡ ᠪᠤᠯᠳᠠᠬ᠃ ᠤᠨᠴᠠᠭᠠᠢᠢᠯᠠᠨ ᠵᠤᠨ ᠤ ᠡᠬᠢᠨ ᠤ ᠦᠶ᠎ᠡ ᠳᠤ ᠬᠤᠨᠢ ᠢᠮᠠᠭᠠᠨ ᠤ ᠨᠤᠤᠰᠤ ᠨᠤᠯᠤᠤᠷ ᠢ ᠨᠢ ᠬᠠᠶᠢᠴᠢᠯᠠᠵᠤ ᠰᠠᠮᠨᠠᠭᠠᠳ ᠪᠡᠶ᠎ᠠ ᠶᠢᠨ ᠬᠢᠨᠢ ᠰᠤᠴᠢᠭ᠎ᠠ ᠨᠢ ᠭᠠᠷᠤᠭ᠎ᠠ ᠦᠭᠡᠢ ᠪᠠᠶᠢᠳᠠᠯ᠎ᠠ ᠬᠦᠢᠳᠡᠨ ᠪᠤᠷᠤᠭᠠᠨ ᠤᠷᠤᠬᠤ ᠠᠴᠠ ᠪᠤᠯᠵᠤ ᠪᠤᠬ ᠮᠠᠯ ᠪᠡᠭᠡᠷᠡᠵᠤ ᠡᠯᠢᠭᠡᠳᠤᠬᠦ ᠶᠡᠪᠤᠳᠡᠯ ᠦᠷᠭᠦᠯᠵᠢ ᠭᠠᠷᠳᠠᠬ ᠪᠠᠶᠢᠨ᠎ᠠ᠃ ᠡᠶᠢᠮᠤ ᠠᠴᠠ ᠨᠤᠤᠰᠤ ᠨᠤᠯᠤᠤᠷ ᠢ ᠨᠢ ᠰᠠᠶ᠋ᠢ ᠠᠪᠤᠬᠰᠠᠨ ᠬᠤᠨᠢ ᠢᠮᠠᠭ᠎ᠠ ᠪᠠᠨ ᠬᠦᠢᠳᠡᠨ ᠪᠤᠷᠤᠭᠠᠨ ᠠᠴᠠ ᠰᠡᠷᠭᠡᠶᠢᠯᠠᠵᠤ ᠬᠠᠮᠠᠭᠠᠯᠠᠬᠤ ᠶᠢᠨ ᠳᠦᠯᠤᠭᠡ᠂ ᠡᠷᠬᠡᠪᠰᠢ ᠳᠤᠤᠷᠠᠬᠢ ᠮᠡᠳᠤ ᠬᠡᠳᠤᠨ ᠵᠦᠢᠯ ᠤᠨ ᠠᠷᠭ᠎ᠠ ᠬᠡᠮᠵᠢᠶ᠎ᠠ ᠠᠪᠤᠪᠠᠯ ᠵᠤᠬᠢᠨ᠎ᠠ᠃           ᠬᠤᠨᠢᠨ ᠤ ᠨᠤᠤᠰᠤ ᠶᠢ ᠬᠠᠶᠢᠴᠢᠯᠠᠬᠰᠠᠨ ᠤ ᠳᠠᠷᠤᠢ ᠳᠤᠨᠢ ᠬᠦᠢᠳᠡᠨ ᠤᠰᠤ ᠪᠠᠷ ᠦᠡᠭᠭᠡᠷᠡᠭᠦᠯᠵᠤ ᠰᠤᠴᠢᠭ᠎ᠠ ᠶᠢ ᠨᠢ ᠭᠠᠷᠭᠠᠨ᠎ᠠ᠃ ᠬᠤᠨᠢᠨ ᠤ ᠨᠤᠤᠰᠤ ᠶᠢ ᠨᠢ ᠬᠠᠶᠢᠴᠢᠯᠠᠮᠠᠬᠴᠠ ᠤᠰᠤ ᠡᠪᠡᠰᠤ ᠰᠠᠶᠢᠳᠠᠢ ᠪᠡᠯᠴᠢᠭᠡᠷ ᠲᠤ ᠬᠠᠷᠢᠭᠤᠯᠵᠤ ᠰᠢᠨ᠎ᠠ ᠨᠤᠤᠰᠤ ᠶᠢ ᠳᠦᠷᠭᠡᠨ ᠤᠷᠭᠤᠭᠤᠯᠬᠤ ᠬᠡᠷᠡᠭᠳᠠᠢ᠃ ᠬᠦᠢᠳᠡᠨ ᠪᠤᠷᠤᠭᠠᠨ ᠠᠴᠠ ᠰᠡᠷᠭᠡᠶᠢᠯᠡᠬᠦ ᠫᠧᠩ ᠬᠤᠷᠤᠭ᠎ᠠ ᠪᠤᠶᠤ ᠨᠦᠮᠤᠷᠢ ᠬᠠᠯᠬᠠᠪᠴᠢ ᠵᠡᠷᠭᠡ ᠶᠢ ᠡᠷᠬᠡᠪᠰᠢ ᠴᠠᠬ ᠢᠮᠠᠬᠳᠠ ᠪᠡᠯᠡᠭᠡᠨ ᠪᠠᠶᠢᠯᠭᠠᠨ᠎ᠠ     ᠵᠤᠨ ᠤ ᠰᠡᠭᠦᠯᠴᠢ ᠨᠠᠮᠤᠷ ᠤᠨ ᠡᠬᠢ ᠪᠠᠷ ᠠᠭᠤᠷ ᠠᠮᠢᠰᠬᠤᠯ ᠡᠬᠢᠯᠡᠨ ᠰᠡᠷᠢᠭᠦᠵᠢᠵᠦ᠂ ᠰᠠᠯᠬᠢ ᠶᠡᠬᠡᠳᠠᠢ᠂ ᠭᠡᠨᠡᠳᠳᠡ ᠬᠦᠢᠳᠡᠷᠡᠬᠦ ᠶᠡᠪᠤᠳᠡᠯ ᠳᠤᠬᠢᠶᠠᠯᠳᠤᠳᠠᠬ᠃ ᠡᠶᠢᠮᠤ ᠠᠴᠠ ᠬᠦᠢᠳᠡᠨ ᠪᠤᠷᠤᠭᠠᠨ ᠤᠷᠤᠬᠤ ᠶᠢ ᠤᠷᠢᠳᠴᠢᠯᠡᠨ ᠰᠢᠡᠵᠢᠵᠤ ᠮᠡᠳᠡᠪᠡᠯ᠂ ᠬᠤᠨᠢ ᠢᠮᠠᠭ᠎ᠠ ᠪᠠᠨ ᠤᠢᠢᠷᠠᠬᠠᠨ ᠨᠦᠮᠤᠷᠢ ᠲᠠᠢ ᠭᠠᠵᠠᠷ ᠢ ᠡᠷᠢᠨ ᠬᠠᠷᠢᠭᠤᠯᠬᠤ ᠬᠡᠷᠡᠭᠳᠠᠢ᠃ ᠪᠤᠷᠤᠭᠠᠨ ᠲᠠᠢ ᠦᠶ᠎ᠠ ᠳᠤ ᠬᠤᠨᠢ ᠢᠮᠠᠭ᠎ᠠ ᠨᠦᠢᠳᠡᠨ ᠱᠠᠯᠪᠠᠬ ᠭᠠᠵᠠᠷ ᠤᠳᠠᠭᠠᠨ ᠵᠤᠬᠰᠤᠪᠠᠯ ᠳᠤᠳᠤᠷ᠎ᠠ ᠭᠠᠳᠠᠨ᠎ᠠ ᠠᠴᠠ ᠨᠢ ᠵᠢᠩᠬᠢᠨᠡᠵᠤ ᠠᠮᠠᠷᠬᠠᠨ ᠡᠯᠢᠭᠡᠳᠤᠳᠡᠭ ᠳᠤᠯᠠ ᠪᠤᠯᠳᠤᠷᠤᠤ ᠪᠠᠷᠳᠠᠭ᠎ᠠ᠂ ᠪᠤᠷᠭᠠᠰᠤ ᠳᠡᠷᠡᠰᠤ ᠲᠠᠢ‌ᠤᠡᠴᠡ ᠨᠦᠮᠤᠷᠢ ᠳᠤᠯᠠᠭᠠᠨ ᠭᠠᠵᠠᠷ ᠬᠤᠷᠢᠵᠤ ᠳᠤᠬᠳᠠᠭᠠᠬᠤ ᠬᠡᠷᠡᠭᠳᠠᠢ᠃ ᠬᠡᠷᠪᠡ ᠬᠦᠢᠳᠡᠨ ᠪᠤᠷᠤᠭᠠᠨ ᠶᠡᠬᠡᠳᠡᠪᠡᠯ ᠬᠠᠰᠢᠶ᠎ᠠ ᠬᠤᠷᠤᠭᠠᠨ ᠳᠤ ᠤᠷᠤᠭᠤᠯᠬᠤ ᠨᠢ ᠮᠠᠰᠢ ᠴᠢᠬᠤᠯᠡ ᠪᠠᠶᠢᠳᠠᠬ᠃           ᠬᠡᠬᠡᠷ᠎ᠠ ᠳᠠᠯ᠎ᠠ ᠳᠡᠭᠡᠷ᠎ᠠ ᠵᠠᠳᠠᠭᠠᠢ ᠬᠤᠷᠢᠵᠤ ᠳᠤᠬᠳᠠᠭᠠᠬᠰᠠᠨ ᠬᠤᠨᠢᠳ ᠢ ᠵᠠᠬ᠎ᠠ ᠬᠦᠪᠡᠭᠡ ᠠᠴᠠ ᠨᠢ ᠬᠠᠰᠢᠵᠤ ᠬᠤᠮᠢᠬᠤ ᠶᠢᠨ ᠳᠠᠭᠠᠤ ᠬᠡᠷᠪᠡ ᠡᠯᠢᠭᠡᠳᠤᠭᠦ ᠮᠠᠶ᠋ᠢᠬ ᠲᠠᠢ ᠬᠤᠨᠢ ᠢᠮᠠᠭ᠎ᠠ ᠭᠠᠷᠪᠠᠯ ᠳᠠᠷᠤᠢ ᠳᠦᠷᠭᠡᠨ ᠬᠠᠰᠢᠶ᠎ᠠ ᠬᠤᠷᠤᠭᠠᠨ ᠳᠤ ᠠᠪᠠᠴᠢᠵᠤ ᠳᠤᠯᠠᠭᠠᠴᠠᠭᠤᠯᠬᠤ ᠬᠡᠷᠡᠭᠳᠠᠢ᠃ ᠵᠠᠷᠢᠮ ᠬᠦᠮᠤᠨ ᠡᠯᠢᠭᠡᠳᠦᠭᠰᠡᠨ ᠬᠤᠨᠢ ᠪᠠᠨ ᠭᠠᠯ ᠲᠠᠢ ᠳᠤᠯᠠᠭᠠᠨ ᠭᠡᠷ ᠲᠤ ᠤᠷᠤᠭᠤᠯᠳᠠᠬ᠃ ᠡᠨᠡ ᠨᠢ ᠳᠡᠮᠠᠢ ᠰᠠᠶᠢᠨ ᠠᠷᠭ᠎ᠠ ᠪᠢᠰᠢ᠂ ᠬᠠᠷᠢᠨ ᠳᠡᠭᠦᠨ ᠳᠤ ᠳᠤᠰᠬᠠᠢ ᠠᠷᠭ᠎ᠠ ᠠᠪᠤᠪᠠᠯ ᠵᠤᠬᠢᠨ᠎ᠠ᠄ ᠨᠢᠭᠡ ᠳᠤ᠂ ᠳᠠᠮᠠᠬᠢᠨ ᠤ ᠤᠳᠤᠭ᠎ᠠ ᠪᠤᠶᠤ ᠠᠷᠭᠠᠯ ᠤᠨ ᠤᠳᠤᠭ᠎ᠠ ᠶᠢ ᠡᠯᠢᠭᠡᠳᠦᠭᠰᠡᠨ ᠮᠠᠯ ᠤᠨ ᠬᠠᠮᠠᠷ ᠤᠨ ᠨᠦᠬᠡ ᠪᠠᠷ ᠦᠯᠢᠶᠡᠨ᠎ᠠ︔ ᠬᠤᠶᠠᠷ ᠲᠤ᠂ ᠡᠯᠢᠭᠡᠳᠦᠭᠰᠡᠨ ᠮᠠᠯ ᠤᠨ ᠪᠡᠶ᠎ᠠ ᠶᠢᠨ ᠬᠡᠮᠵᠢᠶ᠎ᠠ ᠪᠠᠷ ᠨᠦᠬᠡ ᠮᠡᠯᠳᠡᠵᠤ᠂ ᠳᠤᠯᠤᠭᠠᠢ ᠶᠢ ᠨᠢ ᠴᠤᠬᠤᠢᠢᠯᠭᠠᠨ ᠪᠤᠯᠠᠵᠤ ᠨᠦᠢᠳᠡᠨ ᠰᠢᠷᠤᠢ ᠪᠠᠷ ᠬᠤᠴᠢᠨ᠎ᠠ︔ ᠭᠤᠷᠪᠠ ᠳᠤ᠂ᠤᠳᠤᠭᠠᠰᠢᠬᠰᠠᠨ ᠰᠢᠷ᠎ᠠ ᠢᠰᠡᠭᠡᠢ ᠪᠤᠶᠤ ᠨᠡᠭᠡᠢ ᠳᠡᠪᠡᠯ ᠢᠶᠠᠷ ᠡᠯᠢᠭᠡᠳᠦᠭᠰᠡᠨ ᠮᠠᠯ ᠢ ᠬᠤᠴᠢᠵᠤ ᠳᠠᠯᠪᠢᠨ᠎ᠠ᠃ ᠡᠳᠡᠭᠡᠷ ᠠᠷᠭ᠎ᠠ ᠶᠢᠨ ᠠᠯᠢ ᠨᠢᠭᠡ ᠶᠢ ᠨᠢ ᠠᠪᠤᠬᠰᠠᠨ ᠴᠤ ᠡᠯᠢᠭᠡᠳᠦᠭᠰᠡᠨ ᠬᠤᠨᠢ ᠢᠮᠠᠭ᠎ᠠ ᠮᠠᠰᠢ ᠬᠤᠷᠳᠤᠨ ᠳᠡᠩᠬᠡᠷᠡᠳᠡᠭ ᠶᠤᠮ ᠃             ᠬᠦᠢᠳᠡᠨ ᠪᠤᠷᠤᠭᠠᠨ ᠳᠤ ᠬᠤᠨᠢ ᠢᠮᠠᠭ᠎ᠠ ᠢᠳᠡᠰᠢᠯᠡᠬᠦ ᠳᠤᠷ᠎ᠠ ᠦᠭᠡᠢ ᠮᠦᠷᠳᠡᠭᠡᠨ ᠤᠷᠤᠭᠤᠳᠠᠵᠤ ᠭᠦᠶᠤᠳᠡᠭ ᠳᠤᠯᠡ ᠳᠤᠬᠠᠢ ᠶᠢᠨ ᠪᠠᠶᠢᠳᠠᠯ ᠢ ᠦᠵᠡᠵᠤ ᠵᠤᠬᠢᠰᠳᠠᠢ ᠠᠷᠭ᠎ᠠ ᠬᠡᠮᠵᠢᠶ᠎ᠠ ᠠᠪᠬᠤ ᠬᠡᠷᠡᠭᠳᠠᠢ᠃ ᠬᠡᠷᠪᠡ ᠪᠤᠷᠤᠭᠠᠨ ᠳᠤ ᠨᠢᠭᠡᠨᠳᠡ ᠤᠷᠤᠭᠤᠳᠠᠬᠰᠠᠨ ᠬᠤᠨᠢᠨ ᠰᠦᠷᠦᠭ ᠢ ᠰᠢᠭᠤᠳ ᠡᠷᠬᠢᠭᠦᠯᠵᠤ ᠪᠤᠷᠤᠭᠠᠨ ᠤ ᠡᠰᠡᠷᠬᠦ ᠵᠦᠭ ᠭᠦᠭᠡᠭᠡᠪᠠᠯ ᠶᠠᠭᠠᠬᠢᠬᠰᠠᠨ ᠴᠤ ᠶᠠᠪᠤᠳᠠᠬ ᠦᠭᠡᠢ᠃ ᠬᠠᠷᠢᠨ ᠪᠤᠷᠤᠭᠠᠨ ᠤ ᠳᠠᠰᠢᠭᠤ ᠵᠦᠭ ᠬᠦᠭᠡᠭᠡᠪᠡᠯ ᠠᠮᠠᠷᠬᠠᠨ ᠶᠠᠪᠤᠳᠠᠬ ᠶᠤᠮ᠃ ᠡᠶᠢᠮᠤ ᠠᠴᠠ ᠠᠯᠢ ᠵᠦᠭ ᠠᠴᠠ ᠪᠤᠷᠤᠭᠠᠨ ᠤᠷᠤᠵᠤ ᠪᠠᠶᠢᠬᠤ᠂ ᠰᠠᠯᠬᠢᠨ ᠤ ᠬᠦᠴᠤ᠂ ᠬᠦᠢᠳᠡᠨ ᠤ ᠬᠡᠮᠵᠢᠶ᠎ᠠ᠂ ᠬᠤᠨᠢᠨ ᠤ ᠪᠠᠶᠢᠳᠠᠯ ᠢ ᠨᠠᠷᠢᠨ ᠠᠵᠢᠬᠯᠠᠵᠤ ᠡᠷᠬᠡᠪᠰᠢ ᠰᠠᠯᠬᠢᠨ ᠤ ᠳᠡᠭᠡᠳᠤ ᠳᠠᠯ᠎ᠠ ᠳᠤ ᠬᠤᠨᠢᠨ ᠰᠦᠷᠦᠭ ᠢᠶᠠᠨ ᠪᠠᠶᠢᠯᠭᠠᠪᠠᠯ ᠬᠤᠳᠠᠯᠠᠬᠤ ᠳᠤ ᠳᠦᠭᠦᠮ ᠪᠠᠶᠢᠳᠠᠬ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号