ᠭᠡᠮ ᠬᠢᠵᠢᠭ ᠲᠠᠢ ᠮᠠᠯ ᠢ ᠢᠯᠭᠠᠨ ᠲᠠᠨᠢᠬᠤ ᠲᠤᠬᠠᠢ
ᠨᠡᠶᠢᠲᠡᠯᠡᠭᠰᠡᠨ ᠴᠠᠭ᠄
2018-02-27
    ᠭᠡᠮ ᠬᠢᠵᠢᠭ ᠲᠠᠢ ᠮᠠᠯ ᠢ ᠵᠡᠷᠦ ᠶᠢᠨ ᠪᠠᠶᠢᠳᠠᠯ ᠳᠤ ᠨᠢᠳᠦ᠂ ᠴᠢᠬᠢ᠂ ᠬᠡᠯᠨ᠂ ᠠᠮᠠᠨ ᠤ ᠬᠥᠨᠳᠠᠢ᠂ ᠪᠠᠭᠠᠰᠤ ᠰᠢᠭᠡᠰᠦ ᠵᠡᠷᠭᠡ ᠬᠡᠳᠦᠨ ᠲᠠᠯ᠎ᠠ ᠶᠢᠨ ᠢᠯᠡᠷᠡᠯ ᠠᠴᠠ ᠠᠵᠢᠭᠯᠠᠵᠤ ᠪᠣᠯᠳᠠᠭ ᠶᠤᠮ᠃         1. ᠭᠡᠮ ᠬᠢᠵᠢᠭ ᠦᠭᠡᠢ ᠮᠠᠯ ᠤᠨ ᠨᠢᠳᠦ ᠨᠢ ᠴᠤᠭ ᠵᠢᠪᠬᠤᠭ᠎ᠠ ᠲᠠᠢ ᠪᠦᠭᠡᠳ ᠭᠡᠷᠡᠯ ᠲᠠᠢ᠂ ᠨᠢᠳᠦ ᠨᠢ ᠨᠤᠤᠬ᠎ᠠ ᠦᠭᠡᠢ ᠤᠰᠤᠯᠢᠭ᠃ ᠭᠡᠮ ᠬᠢᠵᠢᠭ ᠲᠠᠢ ᠮᠠᠯ ᠤᠨ ᠨᠢᠲᠦ ᠨᠢ ᠴᠤᠭ ᠵᠢᠪᠬᠤᠭ᠎ᠠ ᠦᠭᠡᠢ ᠮᠦᠷᠳᠡᠭᠡᠨ ᠬᠦᠳᠡᠯᠵᠦ ᠶᠠᠪᠤᠬᠤ ᠨᠢ ᠤᠳᠠᠭᠠᠨ ᠪᠠᠶᠢᠢᠳᠠᠭ᠃         2. ᠭᠡᠮ ᠬᠢᠵᠢᠭ ᠦᠭᠡᠢ ᠮᠠᠯ ᠤᠨ ᠬᠤᠶᠠᠷ ᠴᠢᠬᠢ ᠨᠢ ᠪᠤᠰᠤᠭ᠎ᠠ ᠮᠦᠷᠳᠡᠭᠡᠨ ᠬᠤᠷᠴᠠᠯᠢᠭ᠃ ᠭᠡᠮ ᠬᠢᠵᠢᠭ ᠲᠠᠢ ᠮᠠᠯ ᠤᠨ ᠲᠤᠯᠤᠭᠠᠢ ᠨᠢ ᠤᠨᠵᠢᠢᠨ᠂ ᠴᠢᠬᠢ ᠨᠢ ᠯᠠᠪᠳᠠᠶᠢᠢᠵᠤ ᠬᠦᠳᠡᠯᠬᠦ ᠦᠭᠡᠢ ᠪᠠᠶᠢᠢᠳᠠᠭ᠃         3. ᠭᠡᠮ ᠬᠢᠵᠢᠭ ᠦᠭᠡᠢ ᠮᠠᠯ ᠤᠨ ᠬᠡᠯᠡ ᠨᠢ ᠤᠯᠠᠭᠠᠨ ᠦᠩᠭᠡ ᠲᠠᠢ ᠮᠦᠷᠳᠡᠭᠡᠨ ᠬᠦᠳᠡᠯᠬᠦ ᠨᠢ ᠤᠶᠠᠨ ᠵᠦᠭᠡᠯᠡᠨ᠂ ᠬᠡᠯᠡᠨ ᠤ ᠦᠩᠭᠦᠷ ᠨᠢ ᠡᠷᠡᠭᠦᠯ᠂ ᠭᠡᠮ ᠬᠢᠵᠢᠭ ᠲᠠᠢ ᠮᠠᠯ ᠤᠨ ᠬᠡᠯᠡ ᠨᠢ ᠬᠦᠰᠢᠬᠦᠨ ᠪᠦᠭᠡᠳ ᠬᠦᠴᠦ ᠦᠭᠡᠢ᠂ ᠬᠡᠯᠡᠨ ᠤ ᠦᠩᠭᠦᠷ ᠨᠢ ᠨᠢᠮᠬᠡᠨ ᠪᠦᠭᠡᠳ ᠦᠩᠭᠡ ᠨᠢ ᠴᠠᠶᠢᠢᠪᠤᠷ ᠪᠤᠶᠤ ᠦᠩᠭᠦᠷ ᠨᠢ ᠵᠤᠵᠠᠭᠠᠨ ᠪᠠᠶᠢᠢᠳᠠᠭ᠃         4. ᠭᠡᠮ ᠬᠢᠵᠢᠭ ᠦᠭᠡᠢ ᠮᠠᠯ ᠤᠨ ᠠᠮᠠᠨ ᠬᠦᠨᠳᠡᠢ ᠶᠢᠨ ᠰᠠᠯᠢᠰᠤᠳᠤ ᠪᠦᠷᠬᠦᠪᠴᠢ ᠨᠢ ᠭᠦᠶᠦᠬᠡᠨ ᠤᠯᠠᠭᠠᠨ ᠦᠩᠭᠡ ᠲᠠᠢ᠂ ᠭᠠᠷ ᠢᠶᠠᠷ ᠲᠡᠮᠳᠡᠷᠢᠬᠦ ᠳᠤ ᠬᠠᠯᠠᠭᠤᠨ ᠪᠠᠶᠢᠢᠵᠤ᠂ ᠦᠮᠡᠬᠡᠢ ᠦᠨᠦᠷ ᠦᠭᠡᠢ᠂ ᠭᠡᠮ ᠬᠢᠵᠢᠭ ᠲᠠᠢ ᠮᠠᠯ ᠤᠨ ᠠᠮᠠᠨ ᠬᠦᠨᠳᠡᠢ ᠨᠢ ᠭᠡᠰᠡᠭ ᠬᠠᠯᠠᠭᠤᠨ ᠭᠡᠰᠡᠭ ᠬᠦᠢᠳᠡᠨ᠂ ᠰᠠᠯᠢᠰᠤᠳᠤ ᠪᠦᠷᠬᠦᠪᠴᠢ ᠨᠢ ᠴᠠᠶᠢᠢᠪᠤᠷ᠂ ᠰᠢᠯᠦᠰᠦ ᠭᠤᠭᠤᠵᠢᠬᠤ ᠪᠤᠶᠤ ᠦᠩᠭᠡ ᠨᠢ ᠤᠯᠠᠪᠳᠤᠷ ᠬᠠᠭᠤᠷᠠᠢ᠂ ᠪᠠᠰᠠ ᠦᠮᠡᠬᠡᠢ ᠦᠨᠦᠷ ᠲᠠᠢ ᠪᠠᠶᠢᠢᠳᠠᠭ᠃         5. ᠭᠡᠮ ᠬᠢᠵᠢᠭ ᠦᠭᠡᠢ ᠮᠠᠯ ᠤᠨ ᠪᠠᠭᠠᠰᠤ ᠨᠢ ᠵᠢᠵᠢᠭ ᠮᠦᠬᠦᠯᠢᠭ ᠪᠦᠭᠡᠳ ᠬᠠᠳᠠᠭᠤ ᠬᠠᠭᠤᠷᠠᠢ ᠪᠠᠶᠢᠢᠳᠠᠭ᠃ ᠨᠠᠷᠢᠯᠢᠬ ᠪᠤᠷᠳᠤᠭ᠎ᠠ ᠨᠦᠬᠦᠪᠦᠷᠢᠯᠡᠨ ᠲᠡᠵᠢᠭᠡᠳᠡᠭ ᠮᠠᠯ ᠤᠨ ᠪᠠᠭᠠᠰᠤ ᠨᠢ ᠵᠦᠭᠡᠯᠡᠨ ᠭᠡᠰᠡᠭ ᠭᠡᠰᠡᠭ ᠪᠦᠬᠡᠳ ᠦᠨᠦᠷ ᠦᠭᠡᠢ᠂ ᠰᠢᠭᠡᠰᠦ ᠨᠢ ᠲᠤᠩᠭᠠᠯᠠᠭ ᠮᠦᠷᠳᠡᠭᠡᠨ ᠦᠩᠭᠡ ᠦᠭᠡᠢ ᠪᠤᠶᠤ ᠴᠠᠶᠢᠢᠪᠤᠷ ᠰᠢᠷ᠎ᠠ ᠦᠩᠭᠡ ᠲᠠᠢ᠂ ᠭᠡᠮ ᠬᠢᠵᠢᠭ ᠲᠠᠢ ᠮᠠᠯ ᠤᠨ ᠪᠠᠭᠠᠰᠤ ᠰᠢᠭᠡᠰᠦ ᠨᠢ ᠬᠡᠪ ᠤᠨ ᠪᠤᠰᠤ ᠪᠤᠯᠵᠤ᠂ ᠪᠠᠭᠠᠰᠤ ᠨᠢ ᠬᠡᠳᠦ ᠬᠠᠳᠠᠭᠤ ᠪᠤᠶᠤ ᠭᠡᠳᠦ ᠰᠢᠩᠭᠡᠨ᠂ ᠡᠰᠡᠭᠦᠯ᠎ᠡ ᠪᠠᠭᠠᠰᠤ ᠨᠢ ᠬᠤᠷᠢᠬᠳᠡᠵᠦ᠂ ᠰᠢᠭᠡᠰᠦ ᠨᠢ ᠰᠢᠷ᠎ᠠ ᠦᠩᠭᠡ ᠲᠠᠢ ᠪᠤᠶᠤ ᠴᠢᠰᠦ ᠲᠠᠢ ᠪᠠᠶᠢᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号