ᠮᠠᠯ ᠡᠮᠨᠡᠯᠭᠡ ᠶᠢᠨ ᠡᠮᠴᠢᠯᠡᠭᠡᠨ ᠳᠠᠬᠢ ᠪᠤᠷᠤᠭᠤ ᠭᠠᠷᠬᠤ ᠦᠵᠡᠭᠳᠡᠯ
ᠨᠡᠶᠢᠲᠡᠯᠡᠭᠰᠡᠨ ᠴᠠᠭ᠄
2018-03-01
    1. ᠬᠡᠮ ᠬᠢᠵᠢᠭ ᠯᠡ ᠬᠡᠪᠡᠯ ᠰᠡᠷᠭᠡᠶᠢᠯᠡᠬᠦ᠃ ᠵᠡᠷᠢᠮ ᠮᠠᠯ ᠤᠨ ᠡᠮᠴᠢ᠂ ᠣᠨᠴᠠᠭᠠᠶᠢᠯᠠᠨ ᠲᠡᠵᠢᠭᠡᠨ ᠦᠷᠡᠵᠢᠭᠦᠯᠬᠦ ᠲᠠᠯᠠᠪᠠᠢ ᠶᠢᠨ ᠮᠠᠯ ᠤᠨ ᠡᠮᠴᠢ ᠨᠡᠷ ᠣᠶᠢᠷ᠎ᠠ ᠳᠤ ᠶᠠᠮᠠᠷ ᠨᠢᠭᠡᠨ ᠬᠠᠯᠳᠠᠪᠤᠷᠢᠲᠦ ᠬᠡᠮ ᠬᠢᠵᠢᠭ ᠳᠡᠯᠭᠡᠷᠡᠯ᠎ᠡ ᠬᠡᠵᠦ ᠰᠤᠨᠤᠰᠤᠮᠠᠭᠴᠠ ᠳᠠᠷᠦ᠋ᠢᠬᠠᠨ ᠬᠢᠵᠢᠭ ᠰᠡᠷᠭᠡᠶᠢᠯᠡᠬᠦ ᠲᠠᠷᠢᠯᠭ᠎ᠠ ᠳᠡᠷᠢᠳᠠᠭ᠃ ᠢᠩᠬᠢᠭᠦ ᠨᠢ ᠴᠡᠪᠡᠷ ᠲᠣᠬᠢᠯᠢᠬ ᠲᠡᠵᠢᠭᠡᠨ ᠦᠷᠡᠵᠢᠭᠦᠯᠬᠦ ᠲᠠᠯᠠᠪᠠᠢ ᠶᠢ ᠪᠤᠵᠠᠷᠲᠤᠭᠤᠯᠵᠤ᠂ ᠬᠡᠮ ᠬᠢᠵᠢᠭ ᠤᠨ ᠪᠠᠺᠲ᠋ᠧᠷᠢ ᠶᠢ ᠲᠠᠯᠠᠪᠠᠢ ᠳᠤ ᠣᠷᠤᠭᠤᠯᠬᠤ ᠠᠶᠤᠯ ᠎ ᠲᠠᠢ᠂ ᠵᠢᠱᠢᠶᠠᠯᠠᠪᠠᠯ᠂ ᠵᠢᠭᠦᠷᠲᠡᠨ ᠤ ᠬᠠᠯᠳᠠᠪᠤᠷᠢᠲᠦ ᠬᠢᠵᠢᠭ ᠵᠡᠷᠭᠡ᠃ ᠬᠡᠷᠪᠡ ᠲᠤᠰ ᠲᠠᠯᠠᠪᠠᠢ ᠳᠤ ᠬᠡᠮ ᠬᠢᠵᠢᠭ ᠡᠭᠦᠰᠦᠭᠰᠡᠨ ᠦᠭᠡᠢ ᠪᠣᠯ ᠵᠦᠪᠬᠡᠨ ᠠᠷᠢᠭᠤᠳᠬᠠᠯ ᠢ ᠠᠩᠬᠠᠷᠴᠤ᠂ ᠬᠠᠮᠢᠶᠠᠷᠤᠯᠲᠠ ᠪᠠᠨ ᠴᠢᠩᠭᠠᠳᠬᠠᠵᠤ᠂ ᠭᠠᠳᠠᠨ᠎ᠠ ᠎ ᠠᠴᠠ ᠣᠷᠤᠭᠤᠯᠤᠭᠰᠠᠨ ᠦᠷ᠎ᠡ ᠶᠢᠨ ᠮᠠᠯ ᠢ ᠲᠤᠰᠠᠭᠠᠷᠯᠠᠨ ᠠᠵᠢᠭᠯᠠᠪᠠᠯ ᠪᠣᠯᠴᠢᠬᠠᠨ᠎ᠠ᠂ ᠵᠣᠷᠢᠭᠤᠲᠠ ᠣᠴᠢᠵᠤ ᠬᠢᠵᠢᠭ ᠰᠡᠷᠭᠡᠶᠢᠯᠡᠬᠦ ᠲᠠᠷᠢᠯᠭ᠎ᠠ ᠬᠢᠬᠦ ᠴᠢᠬᠤᠯᠠ ᠦᠭᠡᠢ᠃     2. ᠬᠡᠮ ᠬᠢᠵᠢᠭ ᠪᠣᠯᠭᠠᠨ ᠳᠤ ᠡᠮ ᠬᠡᠷᠡᠭᠯᠡᠬᠦ᠃ ᠮᠡᠯ ᠵᠢᠭᠦᠷᠲᠡᠨ ᠳᠤ ᠬᠡᠮ ᠬᠢᠵᠢᠭ ᠲᠤᠰᠬᠤ ᠨᠢ ᠳᠣᠲᠤᠭᠠᠳᠤ ᠰᠢᠯᠲᠠᠭᠠᠨ ᠪᠠ ᠭᠠᠳᠠᠭᠠᠳᠤ ᠰᠢᠯᠲᠡᠭᠠᠨ ᠠᠴᠠ ᠪᠣᠯᠳᠠᠭ᠃ ᠵᠦᠪᠭᠡᠨ ᠬᠡᠮ ᠬᠢᠵᠢᠭ ᠤᠨ ᠰᠢᠯᠲᠡᠭᠠᠨ ᠳᠤ ᠴᠢᠭᠯᠡᠭᠦᠯᠦᠨ ᠡᠮᠴᠢᠯᠡᠵᠤ᠂ ᠬᠡᠮ ᠬᠢᠵᠢᠭ ᠲᠠᠢ ᠮᠠᠯ ᠤᠨ ᠬᠡᠮ ᠬᠢᠵᠢᠭ ᠰᠡᠷᠭᠡᠶᠢᠯᠡᠬᠦ ᠴᠢᠳᠠᠪᠤᠷᠢ ᠪᠣᠯᠤᠨ ᠬᠡᠮᠲᠤᠯ ᠢ ᠡᠰᠡᠷᠭᠦᠴᠡᠬᠦ ᠴᠢᠳᠠᠪᠤᠷᠢ ᠶᠢ ᠤᠮᠳᠤᠭᠠᠶᠢᠯᠠᠬᠤ ᠨᠢ ᠵᠣᠬᠢᠰ ᠦᠭᠡᠢ ᠶᠤᠮ᠃ ᠡᠮᠴᠢᠯᠡᠭᠡᠨ ᠳᠤᠮᠳᠠ ᠪᠠᠨ ᠶᠡᠷᠤᠩᠭᠡᠶᠢᠯᠡᠭᠰᠠᠨ ᠴᠢᠨᠡᠷᠲᠡᠢ ᠡᠮᠴᠢᠯᠡᠭᠡ ᠶᠢ  ᠠᠩᠬᠠᠷᠴᠤ᠂ ᠬᠡᠮ ᠬᠢᠵᠢᠭ ᠤᠨ ᠰᠢᠯᠲᠠᠭᠠᠨ ᠢ ᠠᠷᠢᠯᠭᠠᠨ᠂ ᠬᠡᠮ ᠬᠢᠵᠢᠭ ᠲᠠᠢ ᠮᠠᠯ ᠤᠨ ᠰᠣᠪᠢᠯᠠᠯᠲᠠ ᠎ ᠶᠢ ᠴᠢᠩᠭᠠᠳᠬᠠᠵᠤ᠂ ᠡᠪᠡᠳᠴᠢᠨ ᠡᠰᠡᠷᠭᠦᠴᠡᠬᠦ ᠴᠢᠳᠠᠪᠤᠷᠢ ᠶᠢ ᠨᠢ ᠳᠡᠭᠡᠭᠰᠢᠯᠡᠭᠦᠯᠪᠡᠯ ᠰᠠᠶ᠋ᠢ ᠣᠬᠢ ᠰᠠᠶᠢᠨ ᠡᠮᠴᠢᠯᠡᠭᠡᠨ ᠤ ᠦᠷ᠎ᠡ ᠳ᠋ᠦᠩ ᠳᠤ ᠬᠦᠷᠴᠤ ᠴᠢᠳᠠᠨ᠎ᠠ᠃         3. ᠪᠠᠭ᠎ᠠ ᠯᠠ ᠡᠳᠡᠭᠡᠷᠡᠬᠦ ᠳᠤ ᠡᠮ ᠵᠣᠭᠰᠤᠭᠠᠬᠤ᠃ ᠮᠠᠯ ᠡᠮᠨᠡᠯᠭᠡ ᠶᠢᠨ ᠡᠮᠴᠢᠯᠡᠭᠡᠨ ᠳᠡᠭᠡᠷ᠎ᠡ᠂ ᠵᠠᠷᠢᠮ ᠳᠠᠭᠠᠨ ᠬᠡᠮ ᠬᠢᠵᠢᠭ ᠲᠠᠢ ᠮᠠᠯ ᠪᠠᠭ᠎ᠠ ᠯᠠ ᠡᠳᠡᠭᠡᠷᠡᠭᠦ ᠳᠤ ᠡᠮ ᠢᠶᠠᠨ ᠵᠣᠭᠰᠤᠭᠠᠬᠤ ᠦᠵᠡᠭᠳᠡᠯ ᠨᠡᠯᠢᠶᠡᠳ ᠣᠷᠤᠰᠢᠵᠤ ᠪᠣᠢ᠃ ᠡᠨᠠ ᠨᠢ ᠨᠢᠭᠡ ᠳᠤ᠂ ᠡᠮ ᠤᠨ ᠵᠠᠷᠤᠳᠠᠯ ᠢᠶᠠᠨ ᠠᠷᠪᠢᠯᠠᠵᠤ᠂ ᠬᠤᠶᠠᠷ ᠲᠤ᠂ ᠬᠡᠮ ᠬᠢᠵᠢᠭ ᠲᠠᠢ ᠮᠠᠯ ᠤᠨ ᠦᠪᠡᠷ ᠤᠨ ᠬᠢᠨᠢ ᠡᠳᠡᠭᠡᠷᠡᠯᠲᠡ ᠳᠤ ᠲᠦᠰᠢᠭᠯᠡᠭᠰᠡᠨ ᠳᠡᠳᠤᠢ᠂ ᠢᠩᠬᠢᠬᠦ ᠨᠢ ᠬᠡᠮ ᠬᠢᠵᠢᠭ ᠤᠨ ᠪᠠᠶᠢᠳᠠᠯ ᠠᠮᠠᠷᠬᠠᠨ ᠳᠡᠬᠢᠵᠤ᠂ ᠤᠳᠠᠭᠠᠨ ᠴᠢᠨᠠᠷᠲᠡᠢ ᠬᠡᠮ ᠬᠢᠵᠢᠭ ᠪᠣᠯᠵᠤ ᠬᠤᠪᠢᠷᠠᠳᠠᠭ᠃ ᠡᠶᠢᠮᠦ ᠠᠴᠠ ᠡᠮᠴᠢᠯᠡᠭᠡᠨ ᠳᠤᠮᠳᠠ ᠪᠠᠨ ᠡᠯ᠎ᠡ ᠵᠦᠢᠯ ᠤᠨ ᠬᠡᠮ ᠬᠢᠵᠢᠭ  ᠎ ᠨᠢ ᠲᠣᠭᠲᠠᠭᠰᠠᠨ ᠡᠮᠴᠢᠯᠡᠭᠡᠨ ᠤ ᠬᠤᠭᠤᠴᠠᠭ᠎ᠠ ᠲᠠᠢ ᠪᠠᠶᠢᠳᠠᠭ ᠵᠠᠷᠴᠢᠮ ᠢ ᠪᠠᠷᠢᠮᠲᠠᠯᠠᠵᠤ᠂ ᠬᠡᠮ ᠬᠢᠵᠢᠭ ᠤᠨ ᠰᠢᠨᠵᠢ  ᠳᠡᠮᠳᠡᠭ ᠠᠷᠢᠯᠤᠭᠰᠠᠨ ᠤ ᠳᠠᠷᠠᠭ᠎ᠠ ᠦᠷᠭᠦᠯᠵᠢᠯᠡᠨ 1 - 2 ᠤᠳᠠᠭ᠎ᠠ ᠡᠮ ᠬᠡᠷᠡᠭᠯᠡᠵᠦ᠂ ᠡᠮᠴᠢᠯᠡᠭᠡᠨ ᠤ ᠦᠷ᠎ᠡ ᠳ᠋ᠦᠩ  ᠎ ᠢᠶᠠᠨ ᠪᠠᠲᠤᠳᠬᠠᠵᠤ ᠪᠦᠷᠢᠮᠦᠰᠦᠨ ᠡᠳᠡᠭᠡᠷᠡᠬᠦ ᠵᠣᠷᠢᠯᠭ᠎ᠠ ᠳᠠᠭᠠᠨ ᠬᠦᠷᠬᠦ ᠬᠡᠷᠡᠭᠲᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号