ᠬᠤᠷᠠᠭ᠎ᠠ ᠪᠤᠷᠳᠤᠬᠤ ᠨᠠᠷᠢᠯᠢᠭ ᠪᠤᠷᠳᠤᠭ᠎ᠠ ᠶᠢ ᠨᠠᠶᠢᠷᠠᠭᠤᠯᠬᠤ ᠠᠷᠭ᠎ᠠ
ᠨᠡᠶᠢᠲᠡᠯᠡᠭᠰᠡᠨ ᠴᠠᠭ᠄
2018-04-17
    ᠬᠤᠷᠠᠭ᠎ᠠ ᠶᠢ ᠨᠠᠷᠢᠯᠢᠭ ᠪᠤᠷᠳᠤᠭ᠎ᠠ ᠪᠠᠷ ᠲᠠᠵᠢᠭᠡᠪᠠᠯ ᠬᠥᠳᠠᠯᠮᠤᠷᠢ ᠬᠥᠴᠤ ᠪᠠᠭ᠎ᠠ ᠮᠥᠷᠳᠠᠭᠡᠨ ᠬᠤᠷᠠᠭ᠎ᠠ ᠰᠢᠩᠭᠡᠭᠡᠯᠳᠠ ᠶᠢᠨ ᠭᠡᠮ ᠳᠤ ᠭᠢᠯᠪᠠᠷᠬᠠᠨ ᠨᠠᠷᠪᠡᠭᠳᠠᠬᠦ ᠥᠭᠡᠢ ᠪᠥᠭᠡᠳ ᠪᠤᠷᠳᠤᠭᠠᠨ ᠤ ᠤᠯᠠᠷᠢᠨ ᠰᠢᠯᠵᠢᠬᠦ ᠨᠤᠷᠮ᠎ᠠ ᠪᠠ ᠡᠳᠤᠷ ᠤᠨ ᠬᠥᠨᠳᠤ ᠶᠢᠨ ᠵᠢᠩ ᠤᠨ ᠨᠠᠮᠡᠭᠳᠠᠯ ᠢ ᠲᠠᠭᠡᠭᠰᠢᠯᠠᠬᠦᠯᠬᠦ ᠪᠤᠯᠤᠨ᠎ᠠ᠃ ᠲᠤᠷᠰᠢᠯᠳᠠ ᠭᠢᠭᠰᠡᠨ ᠠᠴᠠ ᠥᠵᠠᠪᠠᠯ᠂ ᠬᠤᠷᠠᠭ᠎ᠠ ᠰᠠᠷ᠎ᠠ ᠬᠠᠭᠠᠰ ᠪᠤᠯᠪᠠᠯ ᠬᠥᠨᠳᠤ ᠶᠢᠨ ᠵᠢᠩ ᠨᠢ 10 ᠺᠢᠯᠥᠭᠷᠠᠮ ᠬᠥᠷᠬᠦ ᠪᠤᠯᠤᠨ᠎ᠠ᠂ ᠡᠨᠡ ᠥᠶ᠎ᠠ ᠳᠤ ᠰᠦ ᠎ ᠠᠴᠠ ᠨᠢ ᠰᠠᠯᠭᠠᠨ ᠨᠠᠷᠢᠯᠢᠭ ᠪᠤᠷᠳᠤᠭ᠎ᠠ ᠪᠠᠷ 50 ᠡᠳᠤᠷ ᠲᠠᠵᠢᠭᠡᠪᠠᠯ ᠵᠠᠬ᠎ᠠ ᠲᠠᠯᠭᠡᠬᠦᠷ ᠲᠤ ᠭᠠᠷᠭᠠᠵᠤ ᠪᠤᠯᠤᠨ᠎ᠠ᠃ ᠢᠩᠭᠢᠪᠠᠯ ᠬᠥᠨᠳᠤ ᠶᠢᠨ ᠵᠢᠩ ᠨᠢ 25~30 ᠺᠢᠯᠥᠭᠷᠠᠮ ᠬᠥᠷᠴᠤ᠂ ᠡᠳᠤᠷ ᠤᠨ ᠲᠤᠮᠳᠠᠴᠢ ᠬᠥᠨᠳᠤ ᠶᠢᠨ ᠵᠢᠩ ᠤᠨ ᠨᠠᠮᠡᠭᠳᠠᠯ ᠨᠢ 400 ᠭᠷᠠᠮ ᠤᠷᠴᠢᠮ ᠪᠤᠯᠳᠠᠭ᠃     ᠪᠤᠷᠳᠤᠬᠤ ᠠᠷᠭ᠎ᠠ ᠭᠡᠪᠠᠯ᠄ ᠰᠦ ᠠᠴᠠ ᠨᠢ ᠰᠠᠯᠭᠠᠬᠤ ᠠᠴᠠ 15 ᠡᠳᠤᠷ ᠤᠨ ᠡᠮᠤᠨ᠎ᠠ ᠠᠴᠠ ᠲᠤᠰᠠᠭᠠᠷᠯᠠᠨ ᠬᠤᠷᠢᠵᠤ ᠪᠤᠷᠳᠤᠭ᠎ᠠ ᠨᠥᠬᠦᠪᠤᠷᠢᠯᠠᠨ᠎ᠠ᠃ ᠪᠠᠰᠨ ᠡᠷᠳᠠ ᠤᠷᠤᠢ ᠶᠢᠨ ᠲᠤᠭᠳᠠᠭᠰᠠᠨ ᠴᠠᠭ ᠢᠶᠠᠷ ᠡᠭᠡ ᠲᠥᠯ ᠢ ᠰᠠᠯᠭᠠᠵᠤ᠂ ᠬᠤᠷᠠᠭ᠎ᠠ ᠶᠢ ᠲᠤᠰᠬᠠᠢ ᠬᠠᠰᠢᠶᠠᠨ ᠳᠤ ᠬᠤᠷᠢᠵᠤ ᠬᠥᠳᠠᠯᠭᠡᠭᠡᠨ ᠭᠢᠯᠭᠡᠨ᠎ᠠ᠃ ᠪᠤᠰᠤᠳ ᠴᠠᠭ ᠲᠤᠨᠢ ᠡᠭᠡ ᠲᠠᠢ ᠨᠢ ᠬᠠᠮᠳᠤ ᠪᠠᠶᠢᠯᠭᠠᠨ᠎ᠠ᠃ ᠡᠨᠡ ᠥᠶ᠎ᠠ ᠶᠢᠨ ᠨᠥᠬᠦᠪᠤᠷᠢᠯᠠᠬᠦ ᠪᠤᠷᠳᠤᠭ᠎ᠠ ᠨᠢ ᠬᠤᠷᠠᠭ᠎ᠠ ᠶᠢ ᠰᠦ ᠠᠴᠠ ᠨᠢ ᠰᠠᠯᠭᠠᠭᠰᠠᠨ ᠤ ᠲᠠᠷᠠᠭ᠎ᠠ ᠪᠤᠷᠳᠤᠭ᠎ᠠ ᠳᠤ ᠭᠡᠷᠡᠭᠯᠠᠬᠦ ᠪᠤᠷᠳᠤᠭ᠎ᠠ ᠲᠠᠢ ᠠᠳᠠᠯᠢ ᠪᠠᠶᠢᠯᠭᠠᠨ᠎ᠠ᠃ ᠨᠠᠶᠢᠷᠠᠭᠤᠯᠬᠤ ᠵᠤᠷ ᠭᠡᠪᠠᠯ ᠂ 83% ᠡᠷᠳᠠᠨᠢ ᠰᠢᠰᠢ᠂ 15%᠎ ᠶᠢᠨ ᠳ᠋ᠸᠤᠪᠢᠩ᠂ 1.4% ᠶᠠᠰᠤᠨ ᠨᠤᠨᠳᠠᠭ᠂ ᠬᠤᠭᠤᠯᠠᠨ ᠲᠠᠪᠤᠰᠤ 0.5% ᠂ ᠸᠢᠲ᠋ᠠᠮᠢᠨ ᠪᠤᠯᠤᠨ ᠪᠠᠴᠢᠯ ᠡᠯᠧᠮᠧᠨ᠋ᠲ 0.1% ᠪᠠᠶᠢᠳᠠᠭ᠃ ᠰᠠᠶ᠋ᠢ ᠡᠭᠢᠯᠠᠵᠤ ᠪᠤᠷᠳᠤᠭ᠎ᠠ ᠨᠥᠬᠦᠪᠤᠷᠢᠯᠠᠬᠦ ᠳᠤ ᠡᠷᠳᠠᠨᠢ ᠰᠢᠰᠢ ᠶᠢᠨ ᠮᠥᠬᠦᠯᠢᠭ ᠢ ᠪᠠᠭ᠎ᠠ ᠵᠠᠷᠭᠡ ᠭᠡᠮᠭᠡᠯᠤᠨ᠎ᠠ᠃ ᠰᠠᠬᠦᠯᠠᠷ ᠢᠳᠠᠵᠤ ᠵᠠᠩᠰᠢᠭᠰᠠᠨ ᠤ ᠲᠠᠷᠠᠭ᠎ᠠ ᠪᠥᠬᠦᠯᠢ ᠮᠥᠬᠦᠯᠢᠭ ᠢᠶᠠᠷ ᠥᠭᠴᠤ ᠪᠤᠯᠤᠨ᠎ᠠ᠃ ᠬᠤᠷᠠᠭᠠᠨ ᠤ ᠬᠥᠳᠠᠯᠭᠡᠭᠡᠨ ᠭᠢᠬᠦ ᠬᠥᠷᠢᠶ᠎ᠠ ᠬᠠᠰᠢᠶ᠎ᠠ ᠶᠢ ᠠᠷᠢᠭᠤᠨ ᠴᠠᠪᠠᠷ ᠪᠠᠶᠢᠯᠭᠠᠵᠤ ᠭᠡᠮᠨᠠᠬᠦ ᠠᠴᠠ ᠰᠠᠷᠭᠡᠶᠢᠯᠠᠨ᠎ᠠ᠃ ᠭᠡᠷᠪᠠ ᠪᠠᠭᠠᠰᠤ ᠠᠯᠳᠠᠪᠠᠯ ᠬᠤᠳᠤᠭᠤᠳᠤ ᠭᠡᠳᠠᠰᠤᠨ ᠤ ᠥᠷᠪᠢᠰᠤᠯ ᠢ ᠲᠠᠷᠤᠵᠤ ᠵᠠᠰᠠᠪᠠᠯ ᠪᠤᠯᠴᠢᠬᠠᠨ᠎ᠠ᠃ ᠪᠤᠷᠳᠤᠬᠤ ᠬᠤᠭᠤᠴᠠᠭᠠᠨ ᠳᠤ ᠤᠩᠭᠤᠴᠠᠨ ᠳᠤᠨᠢ ᠪᠤᠷᠳᠤᠭ᠎ᠠ ᠲᠠᠰᠤᠯᠵᠤ ᠪᠤᠯᠬᠤ ᠥᠭᠡᠢ ᠪᠥᠭᠡᠳ ᠤᠮᠳᠠ ᠤᠰᠤᠨ ᠤ ᠴᠠᠪᠠᠷ ᠪᠠᠶᠢᠬᠤ ᠶᠢ ᠪᠠᠳᠤᠯᠠᠬᠤ ᠭᠡᠷᠡᠭᠳᠠᠢ᠃
 
ᠢᠷᠡᠯᠲᠡ᠄ ᠣᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号