ᠮᠤᠩᠭᠤᠯ ᠲᠦᠮᠡᠨ ᠮᠠᠨᠢ ᠴᠠᠰᠤ ᠬᠠᠭᠵᠠᠷᠠᠵᠤ ᠭᠠᠵᠠᠷ ᠭᠡᠰᠬᠦ ᠪᠠᠷ ᠨᠤᠳᠤᠭ ᠤᠰᠤᠨ ᠤ ᠪᠠᠨ ᠬᠤᠭ ᠢ | ᠴᠡᠪᠡᠷᠯᠡᠵᠤ ᠨᠤᠳᠤᠭ ᠤᠰᠤ ᠪᠠᠨ ᠴᠡᠪᠡᠷᠬᠡᠨ ᠪᠠᠶᠢᠯᠭᠠᠬᠤ ᠶᠢ ᠡᠷᠬᠢᠮᠯᠡᠳᠡᠭ ᠰᠠᠶᠢᠬᠠᠨ ᠤᠯᠠᠮᠵᠢᠯᠠᠯ ᠲᠠᠢ ᠪᠠᠶᠢᠳᠠᠭ᠃ | ᠡᠨᠡᠬᠦ ᠡᠷᠬᠢᠮ ᠰᠠᠶᠢᠬᠠᠨ ᠤᠯᠠᠮᠵᠢᠯᠠᠯ ᠢᠶᠠᠨ ᠦᠪᠯᠡᠵᠤ ᠲᠦᠷᠦᠭᠰᠡᠨ ᠮᠠᠯᠴᠢᠳ ᠤᠨ ᠬᠡᠤᠬᠡᠳ ᠤᠳ ᠢᠶᠠᠷ | ᠪᠦᠷᠢᠯᠳᠦᠭᠰᠡᠨ ᠰᠢᠨ᠎ᠡ ᠪᠠᠷᠭᠤ ᠵᠡᠬᠦᠨ ᠬᠤᠰᠢᠭᠤᠨ ᠤ ︽ᠨᠤᠳᠤᠭ︾ ᠰᠠᠶᠢᠨ ᠲᠤᠷᠠᠴᠦᠳ ᠤᠨ ᠬᠤᠯᠪᠤᠭ᠎ᠠ ᠤᠶᠢᠷ᠎ᠠ | ᠳᠤ ᠠᠮᠢ ᠠᠬᠤᠢ ᠤᠷᠴᠢᠨ ᠲᠤᠭᠤᠷᠢᠨ ᠤ ᠬᠠᠮᠠᠭᠠᠯᠠᠯᠳᠠ ᠶᠢᠨ ᠤᠬᠠᠭᠤᠯᠭ᠎ᠠ ᠶᠢᠨ ᠠᠵᠢᠯᠯᠠᠭ᠎ᠠ ᠦᠷᠨᠢᠭᠦᠯᠵᠤ᠂ | ᠨᠡᠶᠢᠭᠡᠮ ᠨᠡᠶᠢᠳᠡ ᠶᠢᠨ ᠬᠠᠯᠠᠭᠤᠨ ᠬᠦᠷᠢᠶᠡᠯᠡᠯ ᠢ ᠬᠦᠷᠳᠡᠵᠡᠢ᠃ | ᠡᠨᠡᠬᠦ ᠠᠮᠢ ᠠᠬᠤᠢ ᠤᠷᠴᠢᠨ ᠲᠤᠭᠤᠷᠢᠨ ᠤ ᠬᠠᠮᠠᠭᠠᠯᠠᠯᠳᠠ ᠵᠢᠨᠠᠵᠢᠯᠯᠠᠭᠠᠨ ᠳᠤ ᠵᠠᠭᠤ ᠭᠠᠷᠤᠢ ᠬᠦᠮᠦᠰ | ᠤᠷᠤᠯᠴᠠᠨ᠂ᠡᠬᠦᠨ ᠳᠤ ᠬᠠᠮᠤᠭ ᠤᠨ ᠦᠨᠳᠦᠷ ᠨᠠᠰᠤᠳᠠᠢ ᠨᠢ ᠲᠠᠯᠠᠨ ᠨᠠᠰᠤᠳᠠᠢ ᠪᠤᠭᠤᠷᠤᠯ᠂ ᠬᠠᠮᠤᠭ ᠤᠨ ᠪᠠᠭ᠎ᠠ ᠨᠢ | ᠲᠤᠯᠤᠭᠠᠨ ᠨᠠᠰᠤᠳᠠᠢᠪᠢᠴᠢᠬᠠᠨ ᠰᠤᠷᠤᠭᠴᠢ ᠪᠠᠶᠢᠵᠤ᠂ ᠦᠳᠡᠯᠦᠭᠡ ᠪᠤᠭᠤᠷᠤᠯ ᠠᠴᠠ ᠦᠰᠪᠦᠷᠢ ᠶᠢᠨ ᠪᠠᠭᠠᠴᠦᠳ | ᠬᠦᠷᠳᠡᠯᠡᠬᠢ ᠨᠡᠶᠢᠭᠡᠮ ᠤᠨ ᠰᠠᠶᠢᠨ ᠲᠤᠷᠠᠴᠦᠳ ᠬᠤᠭ ᠨᠤᠪᠰᠢ ᠶᠢ ᠴᠡᠪᠡᠷᠯᠡᠨ᠂ ᠠᠮᠢ ᠠᠬᠤᠢ ᠪᠠᠨ ᠬᠠᠶᠢᠷᠠᠯᠠᠨ | ᠬᠠᠮᠠᠭᠠᠯᠠᠬᠤ ᠦᠵᠡᠯ ᠤᠬᠠᠮᠰᠠᠷ ᠢ ᠰᠤᠷᠳᠠᠯᠴᠢᠯᠠᠨᠤᠬᠠᠭᠤᠯᠵᠠᠢ᠃ ᠠᠵᠢᠯᠯᠠᠭ᠎ᠠ ᠳᠤ ︽ᠨᠤᠳᠤᠭ︾ ᠰᠠᠶᠢᠨ | ᠲᠤᠷᠠᠴᠦᠳ ᠤᠨ ᠬᠤᠯᠪᠤᠭᠠᠨ ᠤ ᠬᠢᠨ ︽ᠤᠷᠴᠢᠨ ᠲᠤᠭᠤᠷᠢᠨ ᠵᠶ᠋ᠠᠨᠬᠠᠮᠠᠭᠠᠯᠠᠬᠤ︾ ᠤᠬᠠᠭᠤᠯᠭ᠎ᠠ ᠶᠢᠨ ᠭᠠᠷ | ᠲᠡᠪᠳᠡᠷ ᠲᠠᠷᠬᠠᠭᠠᠨ᠂ ᠤᠷᠴᠢᠨ ᠲᠤᠭᠤᠷᠢᠨ ᠢᠶᠠᠨ ᠴᠡᠪᠡᠷᠯᠡᠬᠦ ᠬᠦᠳᠡᠯᠭᠡᠭᠡᠨ ᠳᠤ ᠤᠷᠤᠯᠴᠠᠭᠰᠠᠨ ᠪᠠᠭᠠᠴᠦᠳ | ᠬᠡᠤᠬᠡᠳ ᠲᠤ ᠪᠤᠬᠢᠷᠳᠤᠯ ᠦᠭᠡᠢ ᠤᠭᠤᠳᠠ ᠪᠡᠯᠡᠭᠯᠡᠨ᠂ ᠰᠦᠯᠢᠶᠤᠤ ᠤᠭᠤᠳᠠ ᠲᠤᠳᠠᠭᠤ ᠬᠡᠷᠡᠭᠯᠡᠵᠤ᠂ ᠪᠠᠶᠢᠭᠠᠯᠢ | ᠲᠡᠯᠡᠬᠡᠢ ᠪᠠᠨ ᠠᠷᠢᠭᠤᠨ ᠲᠠᠭᠰᠢᠨ ᠢᠶᠠᠷ ᠨᠢ ᠪᠠᠶᠢᠯᠭᠠᠬᠤ ᠶᠢ ᠤᠷᠢᠶᠠᠯᠠᠵᠠᠢ᠃ | ᠡᠬᠡ ᠤᠷᠤᠨ ᠢᠶᠠᠨ ᠬᠠᠶᠢᠷᠠᠯᠠᠬᠤ ᠬᠠᠶᠢᠷ᠎ᠠ ᠬᠤᠭ ᠢᠶᠠᠨ ᠬᠤᠭ ᠤᠨ ᠰᠠᠪᠠᠨ ᠳᠤ ᠬᠢᠬᠦ ᠠᠴᠠ ᠡᠬᠢᠯᠡᠨ᠎ᠡ ᠭᠡᠳᠡᠭ | ᠂ᠪᠤᠯᠪᠠᠰᠤᠨ ᠠᠷᠠᠳ ᠢᠷᠭᠡᠨ ᠪᠤᠯᠵᠤ ᠬᠤᠭ ᠢᠶᠠᠨ ᠬᠤᠭ ᠤᠨ ᠰᠠᠪᠠ ᠳᠤ ᠬᠠᠶᠠᠵᠤ ᠰᠤᠷᠤᠶ᠎ᠠ ᠬᠦᠮᠦᠰ ᠡ︕ ᠬᠡᠮᠡᠨ | ︽ᠨᠤᠳᠤᠭ︾ ᠰᠠᠶᠢᠨ ᠲᠤᠷᠠᠴᠦᠳ ᠤᠨ ᠬᠤᠯᠪᠤᠭᠠᠨ ᠤ ᠬᠢᠨ ᠤᠷᠢᠶᠠᠯᠠᠵᠤ ᠪᠠᠶᠢᠨ᠎ᠠ︕ |