ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠠᠭ ᠠᠭᠤᠷ ᠤᠨ ᠲᠣᠪᠴᠢᠶ᠎ᠠ ᠶᠢᠨ 2017 ᠣᠨ ᠤ | ᠠᠮᠢ ᠠᠬᠤᠢ ᠠᠭᠤᠷ ᠠᠮᠢᠰᠬᠤᠯ ᠤᠨ ᠦᠨᠡᠯᠡᠯᠭᠡ ᠶᠢᠨ ᠮᠡᠳᠡᠭᠦᠯᠦᠯᠲᠡ ᠶᠢᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠴᠠ | ᠣᠶᠢᠯᠭᠠᠭᠰᠠᠨ ᠢᠶᠠᠷ᠂ ᠨᠢᠳᠣᠨᠣᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠶᠡᠬᠡᠩᠬᠢ ᠬᠡᠰᠡᠭ ᠨᠢ | ᠥᠨᠳᠦᠷ ᠲᠣᠯᠠᠭᠠᠨ᠂ ᠬᠤᠷ᠎ᠠ ᠳᠣᠨᠲᠠᠰᠣ ᠪᠠᠭ᠎ᠠ᠂ ᠭᠠᠩ ᠬᠠᠭᠤᠷᠠᠢ ᠠᠭᠤᠷ ᠠᠮᠢᠰᠬᠤᠯ ᠢᠶᠠᠷ ᠭᠤᠣᠯᠯᠠᠵᠣ᠂ ᠳᠣᠮᠳᠠ | ᠵᠡᠭᠦᠨ ᠬᠡᠰᠡᠭ ᠤᠨ ᠬᠠᠪᠣᠷ ᠵᠣᠨ ᠵᠠᠯᠭᠠᠭ᠎ᠠ ᠪᠠᠷ ᠭᠠᠩ ᠤᠨ ᠪᠠᠶᠢᠳᠠᠯ ᠢᠯᠡᠷᠡᠬᠡᠢ᠂ ᠪᠠᠷᠠᠭᠤᠨ ᠬᠡᠰᠡᠭ ᠣᠷᠣᠨ | ᠬᠠᠷᠢᠴᠠᠩᠭᠤᠢ ᠵᠦᠭᠡᠷ ᠰᠢᠭ᠃ | ᠨᠢᠳᠣᠨᠣᠨ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠶᠡᠬᠡᠩᠬᠢ ᠬᠡᠰᠡᠭ ᠭᠠᠵᠠᠷ ᠣᠷᠣᠨ | ᠶᠡᠷᠦ ᠶᠢᠨ ᠪᠣᠶᠣ ᠡᠷᠲᠡ ᠰᠢᠭ ᠬᠠᠪᠣᠷ ᠤᠨ ᠠᠭᠤᠷ ᠣᠷᠣᠵᠣ᠂ ᠭᠤᠣᠯᠳᠠᠯᠭ᠎ᠠ ᠲᠠᠢ ᠲᠠᠷᠢᠮᠠᠯ ᠤᠨ ᠵᠣᠬᠢᠮᠵᠢᠲᠠᠢ | ᠬᠤᠭᠤᠴᠠᠭᠠᠨ ᠳᠤ ᠦᠷ᠎ᠡ ᠰᠠᠴᠣᠬᠤ ᠪᠠ ᠨᠠᠬᠢᠶᠠᠯᠠᠨ ᠣᠷᠭᠤᠬᠤ ᠳᠤ ᠠᠰᠢᠭᠲᠠᠢ᠃ ᠥᠰᠦᠯᠲᠡ ᠶᠢᠨ ᠣᠯᠠᠷᠢᠯ ᠤᠨ | ᠬᠠᠯᠠᠭᠤᠨ ᠤ ᠬᠡᠮᠵᠢᠶ᠎ᠡ ᠨᠡᠯᠢᠶᠡᠳ ᠣᠯᠠᠨ᠂ ᠣᠷᠭᠤᠮᠠᠯ ᠬᠤᠷᠠᠮᠳᠣᠯ ᠳᠤ ᠠᠰᠢᠭᠲᠠᠢ︔ ᠬᠤᠷ᠎ᠠ ᠳᠣᠨᠳᠠᠰᠣ ᠵᠠᠭᠦᠨ | ᠬᠡᠰᠡᠭ ᠤᠨ ᠡᠮᠦᠨ᠎ᠡ ᠪᠡᠶ᠎ᠡ ᠳᠤ ᠶᠠᠷᠣ ᠶᠢᠨ ᠪᠣᠶᠣ ᠠᠷᠪᠢᠨ ᠰᠢᠭ᠋᠂ ᠨᠠᠮᠣᠷ ᠤᠨ ᠬᠤᠷᠢᠶᠠᠯᠲᠠ ᠶᠢᠨ ᠲᠠᠷᠢᠮᠠᠯ ᠳᠤ | ᠠᠰᠢᠭᠲᠠᠢ ᠣᠰᠣᠨ ᠤ ᠨᠥᠬᠦᠴᠡᠯ ᠢ ᠪᠦᠷᠢᠯᠳᠦᠬᠦᠯᠦᠨ ᠦᠭᠴᠡᠢ᠂ ᠳᠣᠮᠳᠠ ᠪᠠᠷᠠᠭᠤᠨ ᠬᠡᠰᠡᠭ ᠪᠠ ᠵᠡᠭᠦᠨ | ᠬᠤᠶᠢᠲᠣ ᠶᠢᠨ ᠶᠡᠬᠡᠩᠬᠢ ᠬᠡᠰᠡᠭ ᠤᠨ ᠲᠣᠨᠳᠠᠰᠣᠨ ᠤ ᠬᠡᠮᠵᠢᠶ᠎ᠡ ᠬᠠᠷᠢᠴᠠᠩᠭᠤᠢ ᠪᠠᠭ᠎ᠠ᠂ ᠱᠠᠲᠣ ᠦᠶ᠎ᠡ ᠶᠢᠨ ᠴᠢᠨᠠᠷᠲᠠᠢ | ᠭᠠᠩ ᠬᠠᠭᠰᠠᠷᠭᠠᠨ ᠬᠠᠭᠤᠷᠠᠢ ᠲᠠᠷᠢᠶᠠᠯᠠᠬᠤ ᠣᠷᠣᠨ ᠤ ᠲᠠᠷᠢᠮᠠᠯ ᠤᠨ ᠬᠡᠪ ᠤᠨ ᠥᠰᠦᠯᠲᠡ ᠶᠢ ᠨᠦᠯᠦᠭᠡᠯᠡᠵᠡᠢ︔ | ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠳᠡᠨᠢ ᠰᠢᠰᠢ ᠶᠢᠨ ᠳᠣᠮᠳᠠᠴᠢ ᠲᠠᠷᠢᠶᠠᠯᠠᠩ ᠤᠨ | ᠠᠭᠤᠷ ᠠᠮᠢᠰᠬᠤᠯ ᠤᠨ ᠲᠣᠬᠢᠷᠠᠬᠤ ᠬᠡᠮᠵᠢᠶ᠎ᠡ ᠣᠶᠢᠷ᠎ᠠ ᠶᠢᠨ 5 ᠵᠢᠯ ᠤᠨ ᠳᠣᠮᠳᠠᠴᠢ ᠬᠡᠮᠵᠢᠭᠲᠡᠯ ᠳᠤ ᠣᠶᠢᠷᠠᠳᠴᠤ᠂ | ᠥᠰᠦᠨ ᠪᠣᠶᠢᠵᠢᠬᠤ ᠪᠠ ᠭᠠᠷᠣᠯᠲᠠ ᠶᠢᠨ ᠳᠣᠭᠲᠠᠭᠤᠨ ᠳᠤ ᠠᠰᠢᠭᠲᠠᠢ᠂ ᠳᠥᠮᠦᠰᠦᠨ ᠤ ᠭᠤᠣᠯ ᠭᠠᠷᠣᠯᠲᠠ ᠶᠢᠨ | ᠣᠷᠣᠨ ᠤ ᠠᠭᠠᠷ ᠤᠨ ᠳᠣᠯᠠᠭᠠᠨ ᠬᠠᠷᠢᠴᠠᠩᠭᠤᠢ ᠥᠨᠳᠦᠷ᠂ ᠲᠣᠨᠳᠠᠰᠣᠨ ᠤ ᠬᠡᠮᠵᠢᠶ᠎ᠡ ᠪᠠᠭ᠎ᠠ᠂ ᠣᠰᠣ ᠲᠣᠯᠠᠭᠠᠨ ᠤ | ᠲᠣᠬᠢᠷᠠᠬᠤ ᠬᠡᠮᠵᠢᠶ᠎ᠡ ᠣᠶᠢᠷ᠎ᠠ ᠶᠢᠨ 5 ᠵᠢᠯ ᠤᠨ ᠲᠤᠮᠲᠠᠴᠢ ᠬᠡᠮᠵᠢᠭᠲᠡᠯ ᠠᠴᠠ ᠳᠣᠣᠷ᠎ᠠ ᠪᠤᠯᠵᠤ᠂ ᠲᠥᠮᠦᠰᠦᠨ ᠤ | ᠥᠰᠦᠯᠲᠡ ᠪᠣᠶᠢᠵᠢᠯᠲᠠ ᠪᠠ ᠣᠨᠠᠯᠲᠠ ᠶᠢᠨ ᠪᠦᠷᠢᠯᠳᠦᠯ ᠳᠤ ᠠᠰᠢᠭ ᠦᠭᠡᠢ︔ ᠥᠪᠦᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠶᠡᠬᠡᠩᠬᠢ ᠮᠠᠯᠵᠢᠬᠤ ᠣᠷᠣᠨ ᠤ ᠠᠭᠠᠷ ᠤᠨ ᠲᠣᠯᠠᠭᠠᠨ ᠬᠠᠷᠢᠴᠠᠩᠭᠤᠢ ᠥᠨᠳᠦᠷ᠂ ᠳᠣᠨᠳᠠᠰᠣᠨ ᠤ | ᠬᠡᠮᠵᠢᠶ᠎ᠡ ᠪᠠᠭ᠎ᠠ᠂ ᠲᠣᠶᠢᠯᠰᠢᠷᠠᠯ ᠤᠨ ᠥᠨᠳᠦᠷ ᠲᠣᠯᠠᠭᠠᠨ ᠤ ᠬᠡᠷᠡᠭ ᠣᠯᠠᠨᠲᠠ ᠡᠭᠦᠰᠪᠡ︔ ᠥᠪᠦᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠬᠠᠪᠣᠷ ᠤᠨ ᠰᠡᠭᠦᠯᠴᠢ ᠵᠣᠨ ᠤ ᠡᠬᠢᠨ ᠤ ᠭᠠᠩ ᠤᠨ ᠪᠠᠶᠢᠳᠠᠯ ᠬᠦᠨᠳᠦ ᠨᠤᠴᠢᠲᠠᠢ᠂ | ᠬᠦᠨᠳᠦ ᠭᠠᠩᠳᠠᠭᠰᠠᠨ ᠣᠷᠣᠨ ᠪᠦᠰᠡ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠶᠡᠷᠥᠩᠬᠡᠢ | ᠲᠠᠯᠠᠪᠠᠢ ᠶᠢᠨ 50% ᠠᠴᠠ ᠳᠡᠭᠡᠭᠰᠢᠬᠢ ᠡᠵᠡᠯᠡᠵᠦ᠂ ᠳᠣᠮᠳᠠ ᠵᠡᠭᠦᠨ ᠬᠡᠰᠡᠭ ᠤᠨ ᠬᠤᠶᠢᠲᠣ ᠪᠡᠶ᠎ᠡ ᠵᠢᠴᠢ ᠵᠠᠭᠦᠨ | ᠬᠤᠶᠢᠲᠣ ᠬᠡᠰᠡᠭ ᠤᠨ ᠭᠠᠩ ᠤᠨ ᠪᠠᠶᠢᠳᠠᠯ ᠪᠠᠷᠠᠭᠤᠨ ᠣᠷᠣᠨ ᠠᠴᠠ ᠬᠦᠨᠳᠦ᠂ ᠲᠠᠷᠢᠮᠠᠯ ᠪᠠ ᠡᠪᠡᠰᠦ ᠪᠡᠯᠴᠢᠭᠡᠷ ᠤᠨ | ᠣᠷᠭᠤᠯᠲᠠ ᠶᠢ ᠬᠦᠨᠳᠦ ᠨᠦᠴᠢᠲᠠᠢ ᠨᠦᠯᠦᠭᠡᠯᠡᠵᠡᠢ᠃ |