︽ᠦᠬᠡᠷᠳᠤ ᠬᠦᠢᠳᠡᠨ︾ ᠠᠷᠠᠤᠨ ᠤᠨ ᠲᠠᠭᠤᠨ ᠤ ᠺᠢᠨᠤ᠋ ᠶᠢᠨ ᠨᠡᠭᠡᠭᠡᠯᠳᠠ ᠶᠢᠨ ᠶᠤᠰᠤᠯᠠᠯ ᠰᠢᠨ᠎ᠠ ᠪᠠᠷᠭᠤ ᠵᠡᠬᠦᠨ ᠬᠤᠰᠢᠭᠤᠨ ᠤ  ᠪᠠᠷᠭᠤ ᠲᠢᠶᠠᠲᠷ ᠲᠤ ᠶᠠᠪᠤᠨᠨᠳ᠋ᠬᠠᠰᠡᠨ
ᠨᠡᠶᠢᠲᠡᠯᠡᠭᠰᠡᠨ ᠴᠠᠭ᠄
2018-04-02
    3 ᠰᠠᠷ᠎ᠠ ᠶᠢᠨ 29᠎ ᠤ ᠦᠳᠡ ᠶᠢᠨ ᠬᠤᠶᠢᠨ᠎ᠠ᠂ ︽ᠦᠬᠡᠷᠳᠤ ᠬᠦᠢᠳᠡᠨ︾ ᠠᠷᠠᠤᠨ ᠤᠨ ᠲᠠᠭᠤᠨ ᠤ ᠺᠢᠨᠤ᠋ ᠎ ᠶᠢᠨ ᠨᠡᠭᠡᠭᠡᠯᠳᠠ ᠶᠢᠨ ᠶᠤᠰᠤᠯᠠᠯ ᠨᠢ ᠰᠢᠨ᠎ᠠ ᠪᠠᠷᠭᠤ ᠵᠡᠬᠦᠨ ᠬᠤᠰᠢᠭᠤᠨ ᠤ ᠪᠠᠷᠭᠤ ᠲᠢᠶᠠᠲ᠋ᠡᠷ ᠲᠤ ᠠᠮᠵᠢᠯᠳᠠ ᠲᠠᠢ ᠶᠠᠪᠤᠨᠨᠳᠠᠪᠠ᠃ ᠡᠨᠡ ᠺᠢᠨᠤ᠋ ᠪᠤᠯ  ᠦᠨᠡᠨ ᠬᠦᠮᠦᠨ ᠤ ᠦᠨᠡᠨ ᠦᠯᠢᠭᠡᠷ ᠪᠠᠷ ᠵᠤᠬᠢᠶ᠋ᠬᠠᠳ᠋ᠬᠠᠰᠡᠨ ᠪᠠᠷᠭᠤ ᠠᠷᠠᠤᠨ ᠤᠨ ᠲᠠᠭᠤᠤ ᠶᠢ ᠦᠨᠳᠤᠰᠤᠯᠡᠨ ᠦᠢᠯᠡᠳᠦᠭᠰᠡᠨ ᠺᠢᠨᠤ᠋ ᠪᠤᠯᠤᠨ᠎ᠠ᠂ ︽ᠦᠬᠡᠷᠳᠤ ᠬᠦᠢᠳᠡᠨ︾  ᠎ ᠤ ᠤᠭ ᠦᠯᠢᠭᠡᠷ ᠪᠤᠯ 20 ᠳ᠋ᠤᠭᠠᠷ ᠵᠠᠭᠤᠨ ᠤ ᠭᠤᠴᠢᠭᠠᠤᠨ ᠤᠨ ᠳᠤ ᠪᠠᠷᠭᠤ ᠶᠢᠨ ᠲᠠᠯ᠎ᠠ ᠳᠤ ᠭᠠᠷᠤᠨᠨᠰᠡᠨ ᠦᠨᠡᠨ ᠬᠡᠷᠡᠭ ᠶᠠᠪᠤᠳᠠᠯ ᠪᠠᠶᠢᠵᠦ᠂ ᠨᠢᠭᠡᠨ ᠬᠤᠤᠰ ᠵᠠᠯᠠᠭᠤ ᠢᠨᠠᠭ ᠠᠮᠠᠷᠠᠭ ᠤᠨ ᠬᠠᠶᠢᠷᠠᠯᠡᠨ ᠲᠤᠷᠠᠯᠠᠯᠴᠠᠬᠤ ᠠᠴᠠ  ᠬᠠᠭᠠᠴᠠᠵᠦ ᠰᠠᠯᠤᠭᠰᠠᠨ ᠭᠤᠨᠢᠨᠨᠳᠤ ᠺᠢᠨᠤ᠋ ᠶᠤᠮ᠃ ᠲᠡᠳᠡ ᠬᠤᠶᠠᠷ ᠤᠨ ᠴᠢᠩ ᠦᠨᠡᠨᠴᠢ ᠬᠠᠶᠢᠷ᠎ᠠ ᠶᠢ ᠡᠷᠭᠢᠴᠡᠭᠦᠯᠤᠨ ᠰᠠᠨᠠᠵᠤ  ᠲᠤᠷᠠᠰᠬᠤ ᠎ ᠶᠢᠨ ᠲᠦᠯᠦᠭᠡ ᠠᠷᠠᠤᠨ ᠤᠨ ᠲᠠᠭᠤᠤ ︽ᠦᠬᠡᠷᠳᠤ ᠬᠦᠢᠳᠡᠨ︾᠎ ᠢ  ᠲᠠᠶᠢᠰᠠᠨ᠎ᠠ ᠠᠮᠢᠯᠠᠭᠤᠯᠤᠨ ᠲᠤᠭᠯᠠᠵᠦ᠂ ᠦᠵᠡᠭᠴᠢ ᠲᠦᠮᠡᠨ ᠳᠤ ᠬᠦᠷᠭᠡᠭᠰᠡᠨ ᠪᠠᠶᠢᠨ᠎ᠠ᠃ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠲᠠᠷᠤᠭ᠎ᠠ ᠲᠡᠭᠰᠢᠪᠤᠶᠠᠨ᠂ ᠬᠤᠰᠢᠭᠤ ᠵᠠᠰᠠᠭ ᠤᠨ ᠤᠷᠳᠤᠨ ᠤ ᠳᠡᠳ᠋ ᠬᠤᠰᠢᠭᠤᠨ ᠲᠠᠷᠤᠭ᠎ᠠ ᠵᠠᠩ ᠯᠢ ᠫᠢᠩ ᠡᠬᠢᠯᠡᠯᠳᠡ ᠶᠢᠨ ᠶᠤᠰᠤᠯᠠᠯ ᠳᠤ ᠤᠷᠤᠯᠴᠠᠵᠦ᠂ ᠲᠡᠭᠰᠢᠪᠤᠶᠠᠨ ᠪᠠᠶᠠᠷ ᠤᠨ ᠦᠬᠡ ᠲᠡᠪᠰᠢᠬᠦᠯᠵᠡᠢ᠃     ︽ᠦᠬᠡᠷᠳᠤ ᠬᠦᠢᠳᠡᠨ︾  ᠺᠢᠨᠤ᠋ ᠨᠢ ᠦᠪᠤᠷ ᠮᠤᠩᠭᠤᠯ ᠤᠨ ᠺᠢᠨᠤ᠋ ᠶᠢᠨ ᠪᠦᠯᠦᠭᠯᠡᠯ᠂ ᠰᠢᠨ᠎ᠠ ᠪᠠᠷᠭᠤ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠱᠠᠩᠬᠠᠢ ᠬᠤᠳᠠ ᠶᠢᠨ ᠦᠨᠳᠤᠰᠤᠳᠡᠨ ᠤ ᠺᠢᠨᠤ᠋ ᠲᠧᠯᠸᠢᠰ ᠤᠨ ᠰᠤᠶᠤᠯ ᠤᠨ ᠤᠯᠠᠮᠵᠢᠯᠠᠯᠳᠤ ᠵᠠᠭᠤᠴᠢ ᠬᠢᠵᠠᠭᠠᠷᠳᠤ ᠺᠤᠮᠫᠠᠨᠢ ᠲᠠᠢ ᠬᠠᠮᠳᠤᠷᠠᠯᠴᠠᠨ ᠵᠢᠷᠤᠭᠯᠠᠭᠰᠠᠨ ᠬᠦᠯᠦᠨ ᠪᠤᠶᠢᠷ ᠤᠨ ᠦᠨᠳᠤᠰᠤᠳᠡᠨ ᠤ ᠰᠤᠶᠤᠯ᠂ ᠪᠠᠷᠭᠤ ᠤᠨ ᠲᠠᠯ᠎ᠠ ᠨᠤᠳᠤᠭ ᠤᠨ ᠤᠨᠴᠠᠯᠢᠭ᠂  ᠭᠠᠵᠠᠷ ᠤᠷᠤᠨ ᠎ ᠤ  ᠮᠠᠯᠴᠢᠳ ᠤᠨ ᠠᠮᠢᠳᠤᠷᠠᠯ᠂ ᠦᠨᠳᠤᠰᠤᠳᠡᠨ ᠤ ᠵᠠᠩ  ᠵᠠᠩᠰᠢᠯ ᠢ ᠪᠦᠷᠢᠨ ᠬᠦᠢᠴᠡᠤᠨ ᠬᠠᠷᠠᠭᠤᠯᠵᠤ᠂ ᠠᠷᠠᠤᠨ ᠎ ᠤᠨ ᠲᠡᠤᠬᠡᠨ ᠦᠯᠢᠭᠡᠷ ᠪᠠ ᠰᠤᠶᠤᠯ ᠢ ᠡᠷᠬᠢᠮᠯᠡᠨ ᠬᠦᠨᠳᠤᠤᠨᠬᠡᠵᠤ᠂ ᠮᠤᠩᠭᠤᠯ ᠦᠨᠳᠤᠰᠤᠳᠡᠨ ᠳᠤ ᠭᠠᠭᠴᠠ ᠪᠠᠶᠢᠳᠠᠭ ᠨᠡᠭᠦᠳᠡᠯ ᠰᠤᠶᠤᠯ ᠪᠠ ᠪᠠᠷᠭᠤᠴᠤᠤᠨ ᠤᠨ ᠤᠯᠠᠮᠵᠢᠯᠠᠯᠳᠤ ᠠᠬᠤᠢ ᠠᠮᠢᠳᠤᠷᠠᠯ ᠢ ᠭᠤᠤᠯᠴᠢᠯᠡᠨ ᠲᠤᠳᠤᠷᠠᠭᠤᠯᠵᠤ ᠬᠠᠷᠠᠭᠤᠯᠤᠨᠨᠰᠡᠨ ᠪᠤᠳ᠋ᠨᠳᠤ ᠺᠢᠨᠤ᠋ ᠪᠤᠯᠤᠨ᠎ᠠ᠃ ᠡᠨᠡ ᠺᠢᠨᠤ᠋ ᠨᠢ 2016 ᠤᠨ ᠳᠤ ᠲᠤᠮᠳᠠᠳᠤ ᠹᠷᠠᠨᠼᠢ ᠬᠤᠶᠠᠷ ᠤᠯᠤᠰ ᠤᠨ ᠺᠢᠨᠤ᠋ ᠶᠢᠨ ᠴᠦᠬᠡᠨ ᠲᠤᠭᠠᠳᠤ ᠦᠨᠳᠤᠰᠤᠳᠡᠨ ᠤ ᠰᠢᠨ᠎ᠠ ᠤᠳᠤᠷᠢᠳᠤᠭᠠᠴᠢ ᠶᠢᠨ ᠱᠠᠩᠨᠠᠯ ᠪᠠ ᠬᠠᠮᠤᠭ ᠤᠨ ᠰᠠᠶᠢᠨ ᠴᠦᠬᠡᠨ ᠲᠤᠭᠠᠳᠤ ᠦᠨᠳᠤᠰᠤᠳᠡᠨ ᠤ ᠺᠢᠨᠤ᠋ ᠬᠦᠭᠵᠢᠮ ᠤᠨ ᠱᠠᠩᠨᠠᠯ ᠢ ᠬᠦᠷᠳᠡᠵᠠᠢ᠃     ᠲᠤᠰ ᠤᠳᠠᠭᠠᠨ ᠤ ︽ ᠦᠬᠡᠷᠳᠤ ᠬᠦᠢᠳᠡᠨ︾ ᠠᠷᠠᠤᠨ ᠤᠨ ᠲᠠᠭᠤᠨ ᠤ ᠺᠢᠨᠤ᠋ ᠶᠢᠨ ᠨᠡᠭᠡᠭᠡᠯᠳᠡ ᠶᠢᠨ ᠶᠤᠰᠤᠯᠠᠯ ᠳᠤ ᠮᠠᠯᠴᠢᠤᠨ ᠮᠠᠨᠢ ᠦᠪᠡᠷ ᠤᠨ ᠰᠠᠶᠢᠨ ᠲᠤᠷ᠎ᠠ ᠠᠴᠠ ᠪᠠᠨ ᠬᠦᠷᠦᠯᠴᠡᠨ ᠢᠷᠡᠵᠦ᠂  ᠪᠠᠷᠭᠤ ᠨᠤᠲᠤᠭ ᠎ ᠤᠨ  ᠠᠬᠤᠢ ᠠᠮᠢᠳᠤᠷᠠᠯ ᠪᠠᠷ ᠰᠡᠳᠤᠪᠯᠡᠭᠰᠡᠨ ᠠᠩᠬᠠᠨ ᠤ ᠺᠢᠨᠤ᠋ ᠪᠠᠨ ᠦᠵᠡᠵᠤ ᠪᠠᠶᠢᠭ᠎ᠠ ᠲᠤ ᠪᠠᠨ ᠰᠡᠤᠨᠬᠢᠯ ᠲᠤᠭᠳᠤᠯᠤᠨ᠂ ᠦᠨᠡᠨ ᠬᠡᠷᠡᠭ ᠪᠤᠳᠠᠳᠤ ᠶᠠᠪᠤᠳᠠᠯ ᠨᠢ ᠦᠵᠡᠭᠴᠢ ᠲᠦᠮᠡᠨ ᠤ ᠰᠡᠳᠬᠢᠯ ᠢ ᠬᠦᠨᠳᠡᠵᠦ ᠴᠢᠳᠠᠭᠰᠠᠨ ᠪᠠᠷ ᠪᠠᠷᠠᠬᠤ ᠦᠬᠡᠢ  ᠦᠵᠡᠭᠴᠢᠳ ᠤᠨ ᠦᠨᠳᠤᠷ ᠦᠨᠡᠯᠡᠯᠳᠡ ᠶᠢ ᠤᠯᠵᠠᠢ᠃  ᠡᠬᠦᠨ ᠤ ᠬᠠᠮᠳᠤ ᠦᠨᠳᠤᠰᠤᠳᠡᠨ ᠤ ᠦᠪ ᠰᠤᠶᠤᠯ ᠪᠠᠨ ᠪᠠᠳᠠᠷᠠᠭᠤᠯᠤᠨ ᠬᠦᠭᠵᠢᠬᠦᠯᠵᠦ ᠶᠠᠪᠤᠭ᠎ᠠ ᠵᠠᠯᠠᠭᠤ ᠤᠳᠤᠷᠢᠳᠤᠭᠠᠴᠢ ᠳᠤ ᠪᠠᠨ  ᠬᠠᠮᠤᠭ ᠤᠨ ᠦᠨᠳᠤᠷ ᠬᠦᠨᠳᠤᠳᠬᠡᠯ ᠢᠶᠠᠨ ᠲᠡᠪᠰᠢᠬᠦᠯᠵᠦ  ᠂ ᠬᠤᠵᠢᠮ ᠬᠤᠶᠢᠰᠢᠳᠠ ᠦᠨᠳᠤᠰᠤᠳᠡᠨ ᠤ ᠦᠭᠡ ᠬᠡᠯᠡ᠂ ᠰᠤᠶᠤᠯ ᠢ ᠬᠠᠷᠠᠭᠤᠯᠤᠭᠰᠠᠨ ᠨᠠᠩ ᠤᠯᠠᠨ ᠰᠢᠯᠢᠳᠡᠭ ᠪᠦᠳᠤᠭᠡᠯ ᠲᠤᠳᠤᠷᠠᠨ ᠭᠠᠷᠴᠤ᠂ ᠨᠡᠩ ᠦᠨᠳᠤᠷ ᠲᠠᠰ ᠤᠨ ᠱᠠᠩᠨᠠᠯ ᠬᠦᠷᠳᠡᠬᠦ ᠶᠢ ᠬᠦᠰᠡᠨ ᠵᠦᠩᠨᠡᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号