ᠬᠦᠷᠰᠢ ᠰᠠᠭᠠᠬᠠᠯᠳᠠ ᠶᠢᠨ ᠬᠢᠨ ᠲᠠᠢ ᠬᠦᠴᠦ ᠨᠢᠬᠡᠳᠦᠨ ᠰᠡᠳᠬᠢᠯ ᠬᠠᠮᠳᠤᠷᠠᠨ ᠴᠢᠨᠡᠬᠡᠯᠢᠭᠵᠢᠯ ᠤᠨ ᠵᠠᠮ ᠵᠦᠭ ᠲᠡᠮᠦᠯᠡᠵᠦ ᠶᠠᠪᠤᠭ᠎ᠠ ᠭᠠᠯᠪᠠᠭᠠᠳᠤᠷ
ᠨᠡᠶᠢᠲᠡᠯᠡᠭᠰᠡᠨ ᠴᠠᠭ᠄
2018-05-10
    ᠭᠠᠯᠪᠠᠭᠠᠳᠤᠷ ᠪᠤᠯ ᠰᠢᠨ᠎ᠡ ᠪᠠᠷᠭᠤ ᠵᠡᠬᠦᠨ ᠬᠤᠰᠢᠭᠤᠨ ᠤ ᠦᠪᠦᠷᠪᠤᠯᠠᠭ ᠰᠤᠮᠤᠨ ᠤ ᠬᠦᠬᠡᠨᠠᠭᠤᠷ ᠭᠠᠴᠠᠭᠠᠨ ᠤ ᠵᠢᠷ ᠤᠨ ᠨᠢᠬᠡᠨ ᠮᠠᠯᠴᠢᠨ᠂ ᠵᠠᠰᠠᠭ ᠤᠨ ᠤᠷᠳᠤᠨ ᠤ ᠠᠵᠦ ᠦᠢᠯᠡᠰ ᠢᠶᠠᠷ ᠶᠠᠳᠠᠭᠤ ᠶᠢ ᠲᠡᠳᠬᠦᠬᠦ ᠪᠠ ᠬᠤᠪᠢ ᠪᠡᠶ᠎ᠡ ᠎ ᠶᠢᠨ ᠲᠠᠪᠤᠨ ᠵᠢᠯ ᠤᠨ ᠬᠠᠳᠠᠭᠤᠵᠢᠯᠳᠠᠢ ᠬᠦᠳᠡᠯᠮᠦᠷᠢ ᠪᠠᠷ ᠲᠠᠮᠵᠢᠨ᠂ ᠠᠮᠢᠳᠤᠷᠠᠯ ᠬᠦᠴᠢᠷᠳᠡᠢ ᠪᠠᠶᠢᠭᠰᠠᠨ ᠠᠴᠠ ᠡᠳᠦᠷ ᠢᠷᠡᠬᠦ ᠲᠤᠳᠤᠮ ᠰᠠᠶᠢᠵᠢᠷᠠᠵᠦ᠂ 2017 ᠤᠨ ᠳᠤ ᠪᠦᠬᠦ ᠬᠡᠷ ᠤᠨ ᠤᠷᠤᠯᠭ᠎ᠠ ᠭᠤᠷᠪᠠᠨ ᠲᠦᠮᠡᠨ ᠲᠦᠬᠦᠷᠢᠭ ᠢ ᠲᠠᠪᠠᠵᠦ᠂ ᠠᠮᠢᠳᠤᠷᠠᠯ ᠢᠶᠠᠨ ᠠᠷᠭᠠᠴᠠᠬᠤ ᠳᠤ ᠵᠤᠪᠠᠯᠳᠠ ᠦᠬᠡᠢ ᠪᠤᠯᠤᠭᠰᠠᠨ ᠲᠡᠷᠡᠪᠡᠷ ᠬᠦᠷᠰᠢ ᠰᠠᠭᠠᠬᠠᠯᠳᠠ ᠶᠢᠨ ᠬᠢᠨ ᠲᠠᠢ ᠬᠦᠴᠦ ᠨᠢᠬᠡᠳᠴᠦ ᠰᠡᠳᠬᠢᠯ ᠬᠠᠮᠳᠤᠷᠠᠨ᠂ ᠬᠠᠮᠳᠤᠪᠠᠷ ᠴᠢᠨᠡᠬᠡᠯᠢᠭᠵᠢᠬᠦ ᠵᠠᠮ ᠵᠦᠭ ᠢᠳᠡᠷᠡᠬᠦᠨ ᠠᠯᠬᠤᠵᠦ ᠪᠠᠶᠢᠭ᠎ᠠ ᠨᠢᠬᠡᠨ ᠪᠢᠯᠡ︕     ᠤᠷᠴᠢᠮ ᠤᠨ ᠡᠳᠦᠷ᠂ ᠬᠤᠰᠢᠭᠤᠨ ᠤ ᠶᠠᠳᠠᠭᠤ ᠶᠢ ᠲᠡᠳᠬᠦᠬᠦ ᠠᠵᠢᠯ ᠤᠨ ᠲᠤᠭᠤᠶᠢᠯᠠᠩ ᠤᠨ ᠬᠡᠰᠢᠬᠦᠳ ᠲᠠᠬᠢᠨᠳᠠ ᠮᠠᠯᠴᠢᠨ ᠭᠠᠯᠪᠠᠭᠠᠳᠤᠷ ᠤᠨ ᠵᠦᠭ ᠮᠤᠷᠳᠠᠯ᠎ᠠ᠃ ᠭᠠᠯᠪᠠᠭᠠᠳᠤᠷ ᠤᠨ ᠬᠢ ᠬᠤᠢ ᠶᠢᠨ ᠭᠤᠤᠯ ᠪᠠ ᠬᠠᠷ᠎ᠠ ᠤᠰᠤ ᠬᠤᠶᠠᠷ ᠭᠤᠤᠯ ᠤᠨ ᠵᠠᠪᠰᠠᠷ ᠲᠤ ᠪᠠᠶᠢᠷᠢᠯᠠᠨ᠂ ᠰᠤᠮᠤᠨ ᠠᠴᠠ ᠭᠠᠴᠠᠭ᠎ᠠ ᠬᠦᠷᠬᠦ ᠨᠤᠲᠤᠭ ᠤᠨ ᠵᠠᠮ ᠡᠪᠦᠯ ᠎ ᠤᠨ ᠤᠯᠠᠷᠢᠯ ᠳᠤ ᠴᠠᠰᠤ ᠮᠦᠰᠦᠨ ᠳᠤ ᠬᠠᠭᠠᠭᠳᠠᠵᠦ᠂ ᠬᠠᠪᠤᠷ ᠵᠤᠨ ᠳᠠᠭᠠᠨ ᠰᠢᠪᠠᠷ ᠱᠠᠯᠴᠢᠭ ᠲᠤ ᠠᠪᠳᠠᠨ᠂ ᠶᠠᠪᠤᠵᠦ ᠰᠠᠭᠤᠬᠤ ᠳᠤ ᠲᠤᠩ ᠬᠦᠴᠢᠷ ᠪᠠᠶᠢᠳᠠᠭ᠃ ᠠᠵᠯ ᠤᠨ ᠲᠤᠭᠤᠶᠢᠯᠠᠩ ᠤᠨ ᠬᠢᠨ ᠲᠤᠰ ᠡᠳᠦᠷ ᠴᠤ ᠲᠡᠷᠬᠡ ᠎ ᠪᠠᠨ ᠵᠠᠮ ᠤᠨ ᠬᠠᠵᠠᠭᠤ ᠳᠤ ᠵᠤᠭᠰᠤᠭᠠᠨ᠂ ᠤᠩᠭᠤᠴᠠ ᠪᠠᠷ ᠭᠤᠤᠯ ᠢ ᠬᠡᠳᠦᠯᠦᠨ᠂ ᠭᠠᠯᠪᠠᠭᠠᠳᠤᠷ ᠤᠨ ᠵᠦᠭ ᠵᠤᠷᠢᠵᠦ᠂ ᠵᠠᠮ ᠵᠠᠭᠤᠷ᠎ᠠ ᠭᠠᠯᠪᠠᠭᠠᠳᠤᠷ ᠤᠨ ᠬᠡᠷ ᠠᠴᠠ ᠬᠤᠶᠠᠷ ᠭᠠᠵᠠᠷ ᠤᠨ ᠵᠠᠢ ᠳᠤ ᠭᠠᠯᠪᠠᠭᠠᠳᠤᠷ ᠤᠨ ᠬᠢᠨ ᠬᠡᠷ ᠎ ᠢᠶᠠᠷ ᠢᠶᠠᠨ ᠤᠰᠤ ᠵᠦᠬᠡᠬᠡᠵᠦ ᠪᠠᠶᠢᠬᠤ ᠲᠠᠢ ᠲᠠᠭᠠᠷᠠᠯᠳᠤᠯ᠎ᠠ᠃ ᠡᠨᠡ ᠬᠤᠳᠳᠤᠭ ᠪᠤᠯ ᠨᠢᠳᠦᠨᠦᠨ ᠵᠢᠯ ᠲᠡᠳᠡᠨ ᠤ ᠎ ᠬᠢᠨ ᠦᠪᠡᠷᠳᠡᠬᠡᠨ ᠮᠠᠯᠳᠠᠭᠰᠠᠨ ᠬᠤᠳᠳᠤᠭ ᠪᠤᠯᠤᠨ᠎ᠠ᠂ ᠬᠤᠳᠳᠤᠭ ᠤᠨ ᠬᠦᠨ ᠠᠷᠪᠠᠭᠠᠳ ᠮᠧᠲᠷ ᠪᠠᠶᠢᠵᠦ᠂ ᠬᠤᠳᠳᠤᠭ ᠠᠴᠠ ᠭᠠᠷᠤᠭᠰᠠᠨ ᠤᠰᠤ ᠨᠢ ᠰᠢᠷ᠎ᠠ ᠦᠩᠬᠡᠳᠡᠢ ᠪᠠᠶᠢᠵᠦ᠂ ᠡᠪᠦᠯ ᠳᠤ ᠪᠠᠨ ᠬᠦᠯᠳᠡᠬᠡᠳ ᠬᠤᠳᠳᠤᠭ ᠎ ᠠᠴᠠ ᠢᠳᠡᠬᠦ ᠤᠰᠤ ᠪᠠᠨ ᠴᠤ ᠠᠪᠴᠤ ᠲᠡᠶᠢᠯᠬᠦ ᠦᠬᠡᠢ ᠪᠠᠶᠢᠵᠦ᠂ ᠨᠢᠬᠡ ᠬᠡᠷ ᠤᠨ ᠭᠤᠷᠪᠠᠨ ᠠᠮᠠ ᠬᠦᠮᠦᠨ ᠴᠠᠰᠤ ᠬᠠᠶᠢᠯᠠᠭᠤᠯᠵᠦ ᠡᠳᠦᠷ ᠤᠨ ᠬᠡᠷᠡᠭᠯᠡᠬᠡᠨ ᠤ ᠤᠰᠤ ᠪᠠᠨ ᠬᠠᠩᠭᠠᠳᠠᠭ᠃ ᠲᠤᠰ ᠤᠳᠠᠭ᠎ᠠ ᠶᠠᠳᠠᠭᠤ ᠶᠢ ᠲᠡᠳᠬᠦᠬᠦ ᠠᠵᠢᠯ ᠎ ᠤᠨ ᠲᠤᠭᠤᠶᠢᠯᠠᠩ ᠤᠨ ᠬᠢᠨ ᠭᠠᠯᠪᠠᠭᠠᠳᠤᠷ ᠤᠨ ᠡᠨᠡᠬᠦ ᠠᠰᠠᠭᠤᠳᠠᠯ ᠢ ᠰᠢᠢᠳᠪᠤᠷᠢᠯᠡᠵᠦ ᠦᠭᠬᠦ ᠪᠠᠷ ᠵᠤᠷᠢᠵᠦ ᠶᠠᠪᠤᠭ᠎ᠠ ᠶᠤᠮ᠃ ᠦᠨᠦ ᠵᠢᠯ ᠬᠠᠪᠤᠷ ᠭᠠᠷᠤᠮᠠᠭᠴᠠ ᠬᠤᠰᠢᠭᠤᠨ ᠠᠴᠠ 60 ᠶᠠᠳᠠᠭᠤ ᠬᠦᠴᠢᠷᠳᠡᠢ ᠡᠷᠦᠬᠡ ᠳᠤ ᠮᠠᠰᠢᠨ ᠬᠤᠳᠳᠤᠭ ᠴᠤᠬᠢᠵᠦ ᠦᠭᠬᠦᠨ᠂ ᠬᠦᠮᠦᠨ ᠮᠠᠯ ᠤᠨ ᠤᠤᠭᠤᠬᠤ ᠤᠰᠤᠨ ᠤ ᠠᠰᠠᠭᠤᠳᠠᠯ ᠢ ᠰᠢᠢᠳᠪᠤᠷᠢᠯᠡᠨ᠎ᠡ ᠬᠡᠰᠡᠨ ᠎ ᠳᠤ ᠭᠠᠯᠪᠠᠭᠠᠳᠤᠷ ᠤᠨ ᠬᠢ ᠪᠤᠯ ᠲᠡᠳᠡᠨ ᠤ ᠲᠤᠮᠳᠠᠬᠢ ᠨᠢᠬᠡ ᠨᠢ ᠪᠠᠶᠢᠯ᠎ᠠ᠃     ᠦᠨᠦ ᠵᠢᠯ 32 ᠨᠠᠰᠤᠳᠠᠢ ᠭᠠᠯᠪᠠᠭᠠᠳᠤᠷ ᠤᠨ ᠬᠢ 2600 ᠮᠤ᠋ ᠨᠤᠲᠤᠭ ᠪᠡᠯᠴᠢᠬᠡᠷ ᠲᠠᠢ᠂ ᠤᠤᠯ ᠨᠢ ᠠᠮᠢᠳᠤᠷᠠᠯ ᠨᠢ ᠨᠡᠯᠢᠶᠡᠳ ᠴᠢᠨᠡᠬᠡᠯᠢᠭ ᠪᠠᠶᠢᠭᠰᠠᠨ ᠪᠤᠯᠪᠠᠴᠤ 2011᠂ 12 ᠤᠨ ᠤ ᠵᠢᠯ ᠲᠠᠷᠠᠭᠠᠯᠠᠭᠰᠠᠨ ᠭᠠᠩ ᠬᠠᠭᠰᠠᠷᠭᠠᠨ ᠪᠠ ᠴᠠᠭᠠᠨ ᠵᠤᠳ ᠲᠤ ᠲᠡᠳᠡᠨ ᠤ 30 ᠦᠬᠡᠷ ᠠᠴᠠ 28 ᠦᠬᠡᠷ ᠦᠬᠦᠵᠦ ᠰᠦᠢᠳᠦᠭᠰᠡᠨ ᠤ ᠲᠡᠬᠡᠷ᠎ᠡ ᠭᠠᠯᠪᠠᠭᠠᠳᠤᠷ ᠤᠨ ᠠᠪᠤ ᠨᠢ ᠮᠤᠷᠢᠨ ᠠᠴᠠ ᠤᠨᠤᠵᠦ ᠬᠡᠮᠳᠦᠨ᠂ ᠡᠪᠡᠳᠴᠢᠨ ᠦᠵᠡᠬᠦᠯᠬᠦ ᠵᠠᠮ ᠢ ᠬᠦᠬᠡᠬᠡᠵᠦ᠂ ᠠᠷᠪᠠᠭᠠᠳ ᠲᠦᠮᠡ ᠶᠢᠨ ᠦᠷᠢᠨ ᠳᠤ ᠤᠨᠠᠭᠰᠠᠨ ᠪᠠᠶᠢᠨ᠎ᠠ᠃ ᠬᠡᠳᠦᠶᠢᠪᠡᠷ ᠮᠠᠯ ᠲᠡᠵᠢᠬᠡᠪᠦᠷᠢ ᠦᠬᠡᠢ ᠪᠤᠯᠪᠠᠴᠤ ᠨᠤᠲᠤᠭ ᠪᠡᠯᠴᠢᠬᠡᠷ ᠲᠠᠢ ᠭᠠᠯᠪᠠᠭᠠᠳᠤᠷ ᠪᠤᠰᠤᠳ ᠤᠨ ᠦᠬᠡᠷ ᠤᠨ ᠰᠦᠷᠦᠭ ᠢ ᠨᠤᠲᠤᠭ ᠲᠡᠬᠡᠷ᠎ᠡ ᠪᠠᠨ ᠮᠠᠯᠵᠢᠵᠦ᠂ ᠤᠷᠤᠯᠭ᠎ᠠ ᠲᠠᠢ ᠪᠤᠯᠤᠭᠰᠠᠨ ᠢᠶᠠᠷ ᠪᠠᠷᠠᠬᠤ ᠦᠬᠡᠢ ᠨᠤᠲᠤᠭ ᠲᠤ ᠨᠢ ᠲᠤᠬᠢᠷᠠᠬᠤ ᠡᠪᠡᠰᠦᠨ ᠤ ᠦᠷ᠎ᠡ ᠵᠢᠷᠭᠤᠭᠠᠨ ᠵᠠᠭᠤ ᠭᠠᠷᠤᠢ ᠵᠢᠩ ᠬᠤᠳᠠᠯᠳᠤᠨ ᠠᠪᠴᠤ᠂ ᠲᠠᠷᠢᠵᠦ ᠤᠷᠭᠤᠭᠤᠯᠤᠨ᠂ ᠨᠠᠮᠤᠷ ᠬᠠᠳᠤᠵᠦ ᠬᠤᠳᠠᠯᠳᠤᠭᠰᠠᠨ ᠪᠠᠶᠢᠨ᠎ᠠ᠃  ᠬᠤᠶᠠᠷ ᠵᠢᠯ ᠤᠨ ᠬᠤᠭᠤᠴᠠᠭᠠᠨ ᠳᠤ ᠭᠠᠯᠪᠠᠭᠠᠳᠤᠷ ᠡᠬᠡᠨᠡᠷ ᠲᠠᠢ ᠬᠤᠶᠠᠭᠤᠯᠠ ᠨᠢᠬᠡ ᠵᠠᠬ᠎ᠠ ᠬᠤᠪᠴᠠᠰᠤ ᠠᠪᠴᠤ ᠡᠮᠦᠰᠦᠬᠡ ᠦᠬᠡᠢ᠂ ᠰᠠᠶᠢᠨ ᠢ ᠢᠳᠡᠵᠦ ᠤᠤᠭᠤᠭ᠎ᠠ ᠦᠬᠡᠢ ᠴᠢᠷᠮᠠᠶᠢᠵᠦ᠂ ᠭᠠᠯᠪᠠᠭᠠᠳᠤᠷ ᠬᠡᠳᠦᠶᠢᠪᠡᠷ ᠲᠦᠴᠢᠬᠡᠳ ᠵᠢᠩ ᠰᠢᠭᠤᠷᠤᠭᠰᠠᠨ ᠪᠤᠯᠪᠠᠴᠤ ᠬᠤᠶᠠᠷ ᠲᠦᠮᠡ ᠭᠤᠷᠪᠠᠨ ᠮᠢᠩᠭᠠᠨ ᠲᠦᠬᠦᠷᠢᠭ ᠤᠨ ᠬᠠᠳᠠᠭᠠᠯᠠᠮᠵᠢ ᠲᠠᠢ ᠪᠤᠯᠵᠦ᠂ ᠡᠨᠡ ᠮᠦᠩᠬᠦ ᠪᠠᠷ ᠢᠶᠠᠨ ᠬᠤᠶᠠᠷ ᠦᠬᠡᠷ ᠬᠤᠳᠠᠯᠳᠤᠨ ᠠᠪᠴᠤ᠂ ᠬᠦᠷᠰᠢ ᠰᠠᠭᠠᠬᠠᠯᠳᠠ ᠶᠢᠨ ᠬᠢᠨ ᠴᠤ ᠬᠤᠶᠠᠷ ᠲᠤᠭᠤᠯ ᠬᠦᠷᠬᠡᠭᠰᠡᠨ ᠪᠠᠶᠢᠯ᠎ᠠ᠃ ᠡᠬᠦᠨ ᠤ ᠬᠠᠮᠳᠤ 2014 ᠤᠨ ᠳᠤ ᠬᠤᠰᠢᠭᠤᠨ ᠠᠴᠠ ᠲᠡᠳᠡᠨ ᠤᠨ ᠬᠢ ᠶᠢ ᠲᠠᠩᠰᠠᠨ ᠳᠤ ᠪᠦᠷᠢᠳᠬᠡᠭᠰᠡᠨ ᠶᠠᠳᠠᠭᠤ ᠡᠷᠦᠬᠡ ᠳᠤ ᠤᠷᠤᠭᠤᠯᠵᠦ᠂ ᠲᠡᠳᠡᠨ ᠤ 1562 ᠮᠤ᠋ ᠨᠤᠲᠤᠭ ᠪᠡᠯᠴᠢᠬᠡᠷ ᠨᠢ ᠤᠯᠤᠰ ᠤᠨ ᠨᠡᠶᠢᠳᠡ ᠶᠢᠨ ᠠᠰᠠᠷᠠᠮᠵᠢ ᠶᠢᠨ ᠰᠢᠭᠤᠢ ᠶᠢᠨ ᠬᠡᠪᠴᠢᠶᠡᠨ ᠳᠤ ᠤᠷᠤᠵᠦ ᠪᠠᠶᠢᠭ᠎ᠠ ᠪᠤᠲᠠᠲᠠᠢ ᠪᠠᠶᠢᠳᠠᠯ ᠎ ᠲᠠᠢ ᠤᠶᠠᠯᠳᠤᠭᠤᠯᠤᠨ᠂ ᠲᠡᠬᠦᠨ ᠶᠢ ᠨᠡᠶᠢᠳᠡ ᠶᠢᠨ ᠠᠰᠠᠷᠠᠮᠵᠢ ᠶᠢᠨ ᠰᠢᠭᠤᠢ ᠶᠢᠨ ᠬᠠᠮᠠᠭᠠᠯᠠᠭᠴᠢ ᠪᠤᠯᠭᠠᠵᠦ᠂ ᠰᠠᠷ᠎ᠠ ᠪᠦᠷᠢ 1300 ᠲᠦᠬᠦᠷᠢᠭ ᠤᠨ ᠬᠦᠯᠦᠰᠦ ᠤᠯᠭᠤᠮᠵᠢ ᠦᠭᠴᠦ᠂ ᠠᠮᠢᠳᠤᠷᠠᠯ ᠳᠤ ᠨᠢ ᠲᠤᠰᠠ ᠪᠤᠯᠵᠠᠢ᠃ ᠭᠠᠯᠪᠠᠭᠠᠳᠤᠷ ᠡᠳᠦᠷ ᠪᠦᠷᠢ ᠨᠡᠶᠢᠳᠡ ᠶᠢᠨ ᠠᠰᠠᠷᠠᠮᠵᠢ ᠶᠢᠨ ᠰᠢᠭᠤᠢ ᠪᠠᠨ ᠬᠠᠷᠠᠵᠦ ᠬᠠᠮᠠᠭᠠᠯᠠᠬᠤ ᠶᠢᠨ ᠵᠡᠷᠬᠡᠪᠡᠷ ᠮᠠᠯ ᠤᠨᠤᠭ᠎ᠠ ᠪᠠᠨ ᠴᠤ ᠰᠠᠶᠢᠳᠤᠷ ᠲᠡᠵᠢᠬᠡᠵᠦ ᠠᠷᠠᠴᠢᠯᠠᠨ᠂ ᠲᠡᠬᠦᠨ ᠤ ᠨᠢᠮᠪᠠᠢ ᠠᠷᠠᠴᠢᠯᠠᠭ᠎ᠠ ᠲᠤᠤᠷ᠎ᠠ᠂ 2017 ᠤᠨ ᠎ ᠤ ᠰᠡᠬᠦᠯᠴᠢ ᠪᠤᠯᠬᠤ ᠳᠤ ᠲᠡᠬᠦᠨ ᠤ ᠬᠠᠷᠠᠵᠦ ᠬᠠᠮᠠᠭᠠᠯᠠᠵᠦ ᠪᠠᠶᠢᠭ᠎ᠠ ᠰᠢᠭᠤᠢ ᠶᠢᠨ ᠤᠷᠭᠤᠮᠠᠯ ᠤᠨ ᠨᠢᠭᠳᠠᠴᠠ ᠶᠢᠨ ᠬᠡᠮᠵᠢᠶ᠎ᠡ ᠨᠢ 15%᠎ ᠪᠠᠷ ᠨᠡᠮᠡᠭᠳᠡᠵᠦ᠂ ᠲᠡᠳᠡᠨ ᠦᠬᠡᠷ ᠤᠨ ᠲᠠᠷᠭᠤ ᠴᠤ ᠰᠠᠶᠢᠨ᠂ ᠮᠢᠬᠠᠨ ᠤ ᠭᠠᠷᠤᠯᠳᠠ ᠰᠠᠶᠢᠨ ᠪᠠᠶᠢᠵᠦ᠂ ᠨᠢᠬᠡ ᠦᠬᠡᠷ ᠬᠤᠳᠠᠯᠳᠤᠬᠤ ᠳᠤ ᠪᠤᠰᠤᠳ ᠮᠠᠯᠴᠢᠳ ᠠᠴᠠ ᠪᠠᠨ ᠢᠯᠡᠬᠦᠤ ᠬᠤᠶᠠᠷ ᠵᠠᠭᠤ ᠭᠠᠷᠤᠢ ᠲᠦᠬᠦᠷᠢᠭ ᠤᠯᠳᠠᠭ᠃ 2017 ᠤᠨ ᠳᠤ ᠲᠡᠬᠦᠨ ᠤ ᠵᠦᠪᠬᠡᠨ ᠦᠬᠡᠷ ᠬᠤᠳᠠᠯᠳᠤᠭᠰᠠᠨ ᠤᠷᠤᠯᠭ᠎ᠠ 25400 ᠲᠦᠬᠦᠷᠢᠭ ᠲᠤ ᠬᠦᠷᠴᠦ᠂ ᠤᠳᠤ ᠲᠡᠳᠡᠨ ᠤ ᠦᠬᠡᠷ ᠨᠢ 32 ᠲᠤᠯᠤᠭᠠᠢ ᠪᠤᠯᠵᠦ ᠨᠡᠮᠡᠭᠳᠡᠭᠰᠡᠨ ᠪᠠᠶᠢᠨ᠎ᠠ᠃     ᠭᠠᠯᠪᠠᠭᠠᠳᠤᠷ ᠤᠨ ᠠᠮᠢᠳᠤᠷᠠᠯ ᠤᠨ ᠬᠢᠷᠢ ᠲᠦᠪᠰᠢᠨ ᠰᠠᠶᠢᠵᠢᠷᠠᠵᠦ᠂ ᠰᠡᠳᠬᠢᠯ ᠲᠡᠨᠢᠬᠦᠬᠡᠨ ᠪᠤᠯᠤᠭᠰᠠᠨ ᠲᠡᠬᠦᠨ ᠎ ᠳᠤ ᠪᠠᠰᠠ ᠨᠢᠬᠡᠨ ᠰᠠᠶᠢᠨ ᠤᠴᠢᠷ ᠲᠤᠬᠢᠶᠠᠯᠳᠤᠨ᠎ᠠ ᠬᠡᠵᠦ ᠰᠠᠨᠠᠭ᠎ᠠ ᠵᠡᠬᠦᠳᠦᠨ ᠳᠤ ᠨᠢ ᠴᠤ ᠪᠠᠶᠢᠭ᠎ᠠ ᠦᠬᠡᠢ᠃     ᠭᠠᠯᠪᠠᠭᠠᠳᠤᠷ ᠲᠠᠷᠤᠶᠢᠬᠠᠨ ᠬᠦᠷᠰᠢ ᠵᠡᠷᠬᠡᠯᠡᠳᠡᠭᠡ ᠲᠠᠪᠤᠨ ᠡᠷᠦᠬᠡ ᠶᠢᠨ ᠬᠢᠨ ᠲᠠᠢ ᠵᠦᠪᠳᠡᠯᠴᠡᠨ᠂ ᠨᠢᠬᠡ ᠮᠠᠯᠵᠢᠬᠤ ᠦᠢᠯᠡᠰ ᠤᠨ ᠬᠤᠯᠪᠤᠭᠠᠳᠤ ᠴᠤᠭᠴᠠ ᠪᠠᠶᠢᠭᠤᠯᠬᠤ ᠪᠠᠷ ᠲᠤᠭᠳᠠᠵᠦ᠂ ᠰᠦᠨ ᠤ ᠦᠨᠢᠶᠡᠨ ᠤ ᠲᠦᠯ ᠲᠤᠰᠬᠤ ᠴᠠᠭ ᠪᠤᠯᠬᠤ ᠳᠤ᠂ ᠵᠠᠰᠠᠭ ᠤᠨ ᠤᠷᠳᠤᠨ ᠠᠴᠠ ᠪᠠᠶᠢᠭᠤᠯᠵᠦ ᠦᠭᠬᠦᠭᠰᠡᠨ ᠲᠤᠯᠠᠭᠠᠨ ᠫᠧᠩ ᠢ ᠲᠠᠪᠤᠨ ᠡᠷᠦᠬᠡ ᠶᠢᠨ ᠬᠢᠨ ᠦᠨ᠎ᠡ ᠲᠦᠯᠦᠪᠦᠷᠢ ᠦᠬᠡᠢ ᠬᠡᠷᠡᠭᠯᠡᠵᠦ᠂ ᠨᠢᠯᠬ᠎ᠠ ᠲᠤᠭᠤᠯ ᠤᠨ ᠤᠨᠳᠤᠷᠤᠯᠳᠠ ᠶᠢᠨ ᠨᠤᠷᠮ᠎ᠠ ᠶᠢ ᠭᠤᠷᠪᠠᠨ ᠵᠠᠭᠤᠨ ᠤ ᠨᠢᠬᠡᠴᠢ ᠪᠠᠷ ᠲᠡᠬᠡᠭᠰᠢᠯᠡᠬᠦᠯᠵᠦ᠂ ᠡᠷᠦᠬᠡ ᠪᠦᠷᠢ ᠤᠨ ᠤᠷᠤᠯᠭ᠎ᠠ ᠬᠤᠶᠠᠷ ᠲᠦᠮᠡ ᠭᠠᠷᠤᠢ ᠲᠦᠬᠦᠷᠢᠭ ᠢᠶᠠᠷ ᠨᠡᠮᠡᠭᠳᠡᠭᠰᠡᠨ ᠪᠠᠶᠢᠨ᠎ᠠ᠃
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号