ᠬᠠᠪᠤᠷ ᠡ ᠬᠠᠪᠤᠷ
ᠨᠡᠶᠢᠲᠡᠯᠡᠭᠰᠡᠨ ᠴᠠᠭ᠄
2018-05-14
ᠬᠠᠪᠤᠷ ᠡ ᠬᠠᠪᠤᠷ       ᠬᠠᠪᠤᠷ ᠤᠷᠭᠤᠮᠠᠯ ᠰᠤᠶᠤᠭᠠᠯᠠᠵᠤ       ᠬᠠᠪᠤᠷ ᠮᠦᠰᠤ ᠬᠠᠶᠢᠯᠳᠠᠭ᠂ ᠡᠶᠢᠨᠬᠦ       ᠬᠠᠪᠤᠷ ᠢᠶᠠᠨ ᠬᠦᠮᠤᠰ ᠬᠦᠰᠡᠨ ᠮᠦᠷᠤᠭᠡᠳᠤᠳᠡᠭ       ᠬᠠᠪᠤᠷ ᠢᠶᠠᠨ ᠬᠦᠮᠤᠰ ᠮᠠᠭᠳᠠᠨ ᠳᠠᠭᠤᠯᠠᠳᠠᠭ  ᠭᠡᠳᠡᠯ᠎ᠡ       ᠬᠠᠪᠤᠷ ᠬᠠᠪᠤᠷ ᠲᠠᠢ ᠪᠠᠨ ᠠᠳᠠᠯᠢ ᠦᠭᠡᠢ ᠪᠤᠯᠵᠠᠢ       ᠬᠠᠪᠤᠷ ᠰᠠᠯᠬᠢᠯᠠᠵᠤ ᠬᠦᠮᠦᠨ ᠮᠠᠯ ᠢ ᠵᠤᠪᠠᠭᠠᠳᠠᠭ ᠪᠤᠯᠵᠠᠢ       ᠬᠠᠪᠤᠷ ᠬᠠᠬᠢᠷᠳᠠᠵᠤ ᠭᠠᠩ ᠬᠠᠭᠤᠷᠠᠶᠢᠳᠠᠳᠠᠭ ᠪᠤᠯᠵᠠᠢ       ᠬᠠᠪᠤᠷ ᠮᠠᠯ ᠪᠤᠷᠳᠤᠭ᠎ᠠ ᠠᠴᠠ ᠰᠠᠯᠬᠤ ᠦᠭᠡᠢ ᠪᠤᠯᠵᠠᠢ  ᠤᠴᠢᠷ ᠨᠢ       ᠬᠠᠨᠠᠭᠠᠷ ᠲᠠᠯ᠎ᠠ ᠳᠤ ᠠᠭᠤᠷᠬᠠᠢ ᠮᠠᠯᠳᠠᠵᠤ       ᠬᠠᠪᠤᠷ ᠢ ᠭᠠᠵᠢᠳᠠᠭᠤᠯᠤᠭᠰᠠᠨ       ᠬᠠᠵᠠᠭᠤ ᠲᠠᠯ᠎ᠠ ᠳᠤ ᠨᠢ ᠭᠡᠢ ᠨᠦᠬᠡᠯᠡᠭᠡᠳ       ᠬᠠᠪᠤᠷ ᠢ ᠪᠤᠵᠠᠷᠳᠠᠭᠤᠯᠤᠭᠰᠠᠨ  ᠡᠶᠢᠮᠤ ᠠᠴᠠ       ᠨᠤᠮᠢᠨ ᠲᠠᠯ᠎ᠠ ᠨᠦᠬᠡ ᠪᠠᠷ ᠲᠦᠬᠦᠷᠴᠠᠢ       ᠨᠤᠭᠤᠭᠠᠨ ᠬᠦᠳᠡᠭᠡ ᠮᠠᠩᠬ᠎ᠠ ᠪᠠᠷ ᠲᠦᠭᠦᠷᠴᠠᠢ       ᠨᠤᠪᠰᠢ ᠶᠢᠨ ᠤᠪᠤᠭ᠎ᠠ ᠲᠠᠯ᠎ᠠ ᠪᠠᠷ ᠲᠦᠬᠦᠷᠴᠠᠢ       ᠨᠤᠳᠪᠠ ᠶᠢᠨ ᠰᠠᠯᠬᠢᠨ ᠲᠤᠭᠤᠰᠤ ᠪᠠᠷ ᠲᠦᠭᠦᠷᠴᠠᠢ         ᠬᠠᠪᠤᠷ ᠡ᠂ ᠬᠠᠪᠤᠷ       ᠬᠠᠷᠢᠶᠠᠴᠠᠢ ᠶᠠᠭᠠᠬᠢᠯ᠎ᠠ︖       ᠬᠠᠷᠴᠠᠭᠠᠢ ᠴᠦᠭᠡᠷᠡᠵᠠᠢ︖       ᠬᠠᠨ ᠭᠠᠷᠤᠳᠢ ᠨᠡᠩ ᠦᠭᠡᠢ ᠪᠤᠯᠵᠠᠢ︕  
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号