|
|
|
ᠨᠡᠶᠢᠲᠡᠯᠡᠭᠰᠡᠨ ᠴᠠᠭ᠄
2018-05-16
|
|
ᠵᠤᠨ | ᠵᠢᠷᠤᠭ ᠰᠢᠭ᠋ ᠪᠠᠶᠢᠭᠠᠯᠢ | ᠦᠷᠦ ᠪᠠᠨ ᠲᠡᠯᠭᠡᠵᠤ | ᠵᠤᠨ ᠰᠠᠭᠠᠲᠠᠵᠤ ᠢᠷᠡᠨ᠎ᠡ᠂ | ᠵᠤᠰᠠᠯᠠᠩ ᠤᠨ ᠪᠠᠭᠤᠴᠠᠨ ᠳᠤ | ᠠᠶᠢᠷᠠᠭ ᠪᠢᠯᠬᠠᠷᠠᠵᠤ | ᠰᠦ ᠴᠠᠯᠬᠢᠯᠤᠨᠠ᠃ | ᠠᠯᠤᠰ ᠤᠨ ᠠᠭᠤᠯᠠᠰ | ᠬᠦᠬᠡᠷᠡᠨ ᠤᠨᠢᠶᠠᠷᠳᠤᠵᠤ | ᠵᠡᠷᠭᠡᠯᠭᠡᠨ ᠬᠦᠪᠦᠯᠵᠡᠨᠡ᠂ | ᠠᠷᠳᠠᠭ ᠬᠦᠯᠦᠭ ᠤᠳ | ᠰᠢᠨᠳᠠᠰᠤ ᠴᠢᠩᠭᠠᠷᠠᠵᠤ | ᠲᠦᠷᠦᠭᠡ ᠬᠠᠩᠭᠢᠨᠠᠨ᠎ᠠ᠃ | ᠬᠦᠷᠡᠭᠴᠢ ᠦᠨᠢᠶ᠎ᠡ | ᠲᠡᠯᠡᠩ ᠴᠢᠨᠦᠷᠡᠭᠦᠯᠦᠨ | ᠠᠭᠠᠵᠢᠮ ᠨᠠᠭᠠᠰᠢᠯᠠᠨ᠎ᠠ᠂ | ᠬᠦᠷᠡᠩ ᠲᠤᠭᠤᠯ | ᠵᠡᠯ᠎ᠡ ᠪᠠᠨ ᠲᠤᠭᠤᠷᠢᠨ | ᠤᠶᠠᠩᠭᠠᠲᠠᠢ ᠮᠦᠭᠡᠷᠡᠨᠡ᠃ | ᠬᠤᠲᠠᠨ ᠤ ᠵᠠᠬ᠎ᠠ ᠪᠠᠷ | ᠬᠤᠷᠠᠭ᠎ᠠ ᠢᠰᠢᠭᠡ | ᠲᠡᠭᠵᠢᠨ ᠲᠤᠭᠯᠠᠨ᠎ᠠ᠂ | ᠬᠤᠲᠠᠴᠢ ᠬᠠᠯᠳᠠᠷ | ᠬᠦᠤ ᠶᠢ ᠲᠠᠭᠠᠵᠤ | ᠪᠡᠯᠴᠢᠭᠡᠷ ᠲᠤ ᠶᠠᠪᠤᠨ᠎ᠠ᠃ | ᠬᠤᠷᠤᠳ ᠨᠤᠬᠤᠯᠠᠵᠤ | ᠰᠠᠭᠠᠯᠢ ᠬᠤᠷᠢᠶᠠᠵᠤ | ᠡᠵᠢ ᠶᠠᠭᠠᠷᠠᠨ᠎ᠠ᠂ | ᠬᠤᠷᠳᠤᠨ ᠬᠦᠯᠦᠭ ᠲᠤ | ᠠᠪᠤ ᠮᠤᠷᠳᠠᠵᠤ | ᠠᠳᠤᠭᠤᠨ ᠳᠤ ᠶᠠᠪᠤᠨ᠎ᠠ᠃ | ᠭᠤᠤᠯ ᠭᠤᠷᠤᠬ᠎ᠠ | ᠨᠠᠮᠵᠢᠭᠤᠨ ᠲᠤᠯᠬᠢᠶᠠᠯᠠᠵᠤ | ᠮᠢᠷᠠᠯᠵᠠᠨ ᠤᠷᠤᠰᠤᠨ᠎ᠠ᠂ | ᠪᠤᠯᠵᠤᠮᠤᠷ ᠰᠢᠪᠠᠭᠤ | ᠵᠢᠷᠭᠢᠨ ᠲᠤᠩᠭᠤᠳᠴᠤ | ᠤᠶᠠᠩᠭ᠎ᠠ ᠡᠭᠡᠰᠢᠭᠯᠡᠨ᠎ᠡ᠃ | ᠲᠠᠯ᠎ᠠ ᠶᠢᠨ ᠠᠭᠤᠳᠠᠮ ᠳᠤ | ᠲᠠᠷᠭᠤᠨ ᠰᠦᠷᠦᠭ | ᠲᠠᠪᠠᠲᠠᠢ ᠢᠳᠡᠰᠢᠯᠡᠨ᠎ᠡ᠂ | ᠲᠠᠮᠢᠷᠯᠢᠭ ᠮᠠᠯᠴᠢᠳ | ᠬᠦᠳᠡᠭᠡ ᠶᠢᠨ ᠦᠵᠡᠰᠭᠦᠯᠡᠩ ᠳᠤ | ᠲᠠᠶᠢᠪᠤᠩ ᠵᠢᠷᠭᠠᠨ᠎ᠠ᠃ | |
|
|
|
|
ᠢᠷᠡᠯᠲᠡ᠄
ᠬᠤᠯᠪᠣᠭ᠎ᠠ ᠰᠦᠯᠵᠢᠶ᠎ᠡ
|
|
|
|
|
ᠬᠠᠮᠢᠶ᠎ᠡ ᠪᠦᠬᠦᠢ ᠰᠣᠨᠢᠨ
|
|
|
|
|
|