ᠮᠤᠷᠢᠨ ᠬᠤᠭᠤᠷ ᠤᠨ ᠡᠭᠡᠰᠢᠭ
ᠨᠡᠶᠢᠲᠡᠯᠡᠭᠰᠡᠨ ᠴᠠᠭ᠄
2018-05-16
ᠳᠤᠯᠤᠭᠠᠨ ᠪᠣᠷᠬᠠᠳ ᠤᠨ ᠤᠳᠤᠨ ᠲᠠᠢ ᠮᠤᠷᠢᠨ ᠬᠤᠭᠤᠷ   ᠲᠣᠯᠭᠠᠨ ᠤ ᠬᠤᠶᠢᠮᠣᠷ ᠠᠴᠠ ᠰᠠᠴᠣᠯᠢ ᠶᠢᠨ ᠶᠢᠰᠣᠨ ᠨᠢᠳᠦ ᠲᠠᠢ   ᠳᠣᠭᠤᠷᠭ᠎ᠠ ᠶᠢᠨ ᠨᠠᠷᠮᠠᠢ ᠠᠴᠠ ᠰᠡᠷᠵᠢᠮ ᠬᠤᠷᠢᠶᠠᠭᠰᠠᠨ ᠡᠷᠳᠡᠨᠢ   ᠲᠣᠣᠯᠢ ᠶᠢᠨ ᠮᠦᠷ ᠲᠠᠢ ᠰᠢᠲᠣᠭᠡᠨ ᠳᠤᠮᠤᠭ ᠤᠷᠢᠭᠰᠠᠨ ᠬᠦᠭᠵᠢᠮ      ᠬᠤᠯᠠᠨ ᠰᠢᠷᠭ᠎ᠠ ᠶᠢᠨ ᠢᠵᠢᠯᠢ ᠳᠡᠭᠡᠨ ᠪᠣᠴᠠᠬᠤ ᠢᠨᠴᠠᠭᠠᠭ᠎ᠠ ᠲᠠᠢ   ᠬᠤᠣᠰ ᠣᠳᠠᠰᠣᠨ ᠤ ᠰᠠᠴᠤᠷᠠᠯ ᠳᠠᠭᠠᠨ ᠤᠩᠭᠤᠳ ᠪᠠᠭᠤᠭᠰᠠᠨ ᠮᠡᠲᠦ   ᠬᠤᠯᠠ ᠶᠢᠨ ᠵᠡᠷᠭᠡᠯᠭᠡᠨ ᠳᠤ ᠣᠶᠠᠩᠭ᠎ᠠ ᠶᠢᠨ ᠳᠠᠬᠢᠨᠢ ᠡᠭᠡᠰᠢᠭ ᠲᠠᠢ   ᠬᠤᠪᠢᠰᠬᠤ ᠵᠦᠭᠡᠯᠡᠨ ᠨᠠᠮᠢᠷᠠᠭᠠᠨ ᠳᠠᠭᠠᠨ ᠬᠠᠮ ᠣᠷᠢᠭᠰᠠᠨ      ᠨᠣᠲ ᠰᠢᠯᠦᠭ ᠤᠨ ᠢᠷᠠᠭᠤ ᠳᠤ ᠨᠠᠶᠢᠷᠠᠭ ᠤᠨ ᠰᠢᠳᠢ ᠣᠨᠳᠤᠷᠴᠣ   ᠨᠤᠮᠣ ᠶᠢᠨ ᠲᠠᠲᠠᠯᠭᠠᠨ ᠳᠤ ᠵᠡᠭᠡᠷ᠎ᠡ ᠶᠢᠨ ᠲᠠᠭᠰᠢᠯᠭ᠎ᠠ ᠢᠷᠠᠶᠢᠭᠰᠠᠨ   ᠨᠤᠮᠢᠨ ᠪᠠᠶᠢᠭᠠᠯᠢ ᠳᠤ ᠲᠤᠭᠯᠠᠬᠤ ᠠᠳᠣᠭᠤᠨ ᠲᠤᠶᠠᠭ᠎ᠠ ᠵᠡᠯᠡᠯᠡᠳᠡᠭ   ᠨᠣᠲᠤᠭ ᠤᠨ ᠰᠠᠯᠬᠢ ᠲᠠᠢ ᠮᠤᠷᠢᠨ ᠬᠤᠭᠤᠷ ᠲᠡᠭᠷᠢ ᠶᠢᠨ ᠠᠶᠠᠯᠭᠤ ᠲᠠᠢ ᠬᠦᠭᠵᠢᠮ      ᠲᠦᠷᠣ ᠶᠢᠨ ᠰᠦᠯᠳᠡ ᠳᠤ ᠠᠷᠰᠯᠠᠨ ᠤ ᠬᠦᠷᠭᠢᠶ᠎ᠡ ᠲᠠᠢ ᠬᠦᠩᠭᠢᠨᠡᠵᠣ   ᠲᠣᠭᠤᠯ ᠤᠨ ᠪᠡᠯᠴᠢᠭᠡᠷ ᠲᠤ ᠡᠵᠢ ᠶᠢᠨ ᠪᠦᠪᠡᠢ ᠲᠠᠢ ᠬᠠᠶᠠᠭ᠎ᠠ ᠰᠠᠬᠢᠨ    ᠲᠣᠭᠤᠯᠬᠤ ᠬᠤᠷᠸ᠎ᠠ ᠶᠢᠨ ᠪᠣᠭᠤᠷᠣᠯ ᠬᠢᠯᠭᠠᠰᠣᠨ ᠳᠤ ᠭᠡᠷᠡᠯ ᠬᠤᠷᠭᠤᠳᠠᠨ   ᠲᠤᠷᠭᠠᠨ ᠬᠠᠶᠢᠷ᠎ᠠ ᠶᠢᠨ ᠴᠡᠭᠡᠯᠬᠡᠨ ᠳᠠᠭᠤᠣ ᠲᠠᠢ ᠰᠠᠯᠬᠢ ᠶᠢ ᠮᠠᠨᠠᠨ᠎ᠠ      ᠬᠦᠯᠦᠭ ᠤᠨ ᠰᠢᠨᠳᠠᠰᠣ ᠨᠤᠭᠤᠭᠠᠨ ᠤ ᠦᠵᠦᠭᠦᠷ ᠢ ᠴᠢᠮᠬᠢᠨ ᠳᠡᠭᠳᠡᠳᠡᠭ   ᠬᠦᠭᠯᠡᠬᠦ ᠠᠶᠠᠯᠭᠤ ᠰᠦᠯ ᠬᠠᠷᠢᠭᠰᠠᠨ ᠨᠠᠮᠣᠷ ᠤᠨ ᠬᠢᠷᠠᠭᠤ ᠶᠢ ᠬᠢᠰᠬᠢᠵᠣ   ᠬᠦᠣᠰᠯᠡᠬᠦ ᠢᠩᠭᠡᠨ ᠤ ᠲᠡᠷᠭᠡᠳᠡ ᠠᠴᠠ ᠦᠨᠦᠴᠢᠨ ᠪᠣᠲᠣᠭᠤ ᠭᠤᠩᠭᠠᠨᠠᠳᠠᠭ   ᠬᠦᠢ ᠶᠢ ᠴᠦᠭᠯᠡᠬᠦ ᠴᠡᠭᠡ ᠰᠠᠬᠠᠷᠠᠵᠤ ᠣᠷᠭ᠎ᠠ ᠶᠢᠨ ᠡᠰᠢ ᠶᠢ ᠲᠠᠩᠨᠠᠶᠢᠳᠠᠳᠠᠭ      ᠴᠡᠮᠴᠡᠭᠡᠷ ᠬᠠᠷᠠᠭᠳᠠᠭᠤ ᠬᠤᠭᠤᠷᠴᠢ ᠶᠢᠨ ᠰᠠᠭᠠᠯᠢ ᠪᠣᠲᠠᠷᠠᠭᠰᠠᠨ ᠬᠠᠷᠠᠴᠠᠨ ᠳᠤ   ᠴᠡᠴᠡᠭ ᠲᠡᠭᠦᠳᠡᠭ ᠴᠠᠭᠠᠨ ᠡᠷᠪᠡᠭᠡᠢ ᠲᠠᠯᠲᠠᠩᠨᠠᠨ ᠪᠦᠵᠢᠬᠦ ᠮᠡᠲᠦ   ᠴᠡᠩᠬᠡᠯ ᠵᠢᠷᠭᠠᠯ ᠤᠨ ᠰᠤᠶᠣᠮᠪᠤ ᠬᠤᠷᠣᠭᠤᠨ ᠳᠤ ᠰᠠᠷᠨ ᠵᠢᠷᠭᠠᠮᠠᠷ   ᠴᠢᠩ ᠰᠡᠳᠭᠢᠯ ᠤᠨ ᠬᠠᠯᠢᠶ᠎ᠠ ᠠᠳᠣᠭᠤᠨ ᠰᠦᠷᠦᠭ ᠲᠡᠭᠡᠨ ᠤᠶᠢᠷᠠᠬᠠᠨ      ᠰᠦ ᠲᠠᠢ ᠭᠡᠬᠦᠣ ᠶᠢᠨ ᠦᠨᠳᠡᠭᠡᠨ ᠴᠠᠭᠠᠨ ᠪᠣᠴᠠᠵᠣ ᠢᠷᠡᠭᠰᠡᠨ ᠰᠢᠭ᠋   ᠰᠦᠷᠦᠭ ᠤᠨ ᠲᠣᠭᠤᠰᠣ ᠰᠢᠩᠭᠡᠬᠦ ᠭᠡᠭᠡᠨ ᠳᠤ ᠵᠡᠯ᠎ᠡ ᠣᠶᠠᠩᠭᠠᠯᠠᠨ    ᠰᠦᠩ ᠲᠦᠰᠢᠬᠦ ᠬᠤᠩᠭᠤᠷ ᠤᠨ ᠠᠷᠣᠨ ᠠᠴᠠ ᠦᠭᠡᠶᠢᠯᠡᠭᠡᠳ ᠪᠠᠶᠢᠳᠠᠭ   ᠰᠦᠨᠢ ᠶᠢᠨ ᠭᠦᠨ ᠳᠤ ᠪᠢ ᠴᠢᠮᠠᠶᠢ ᠪᠠᠨ ᠴᠢᠩᠨᠠᠭᠰᠠᠭᠠᠷ ᠪᠠᠶᠢᠯ᠎ᠠ
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号