ᠰᠢᠯᠥᠭ ᠪᠢᠴᠢᠯ᠎ᠡ
ᠨᠡᠶᠢᠲᠡᠯᠡᠭᠰᠡᠨ ᠴᠠᠭ᠄
2018-05-16
ᠪᠠᠶᠠᠷ ᠪᠠᠶᠠᠰᠤᠯ ᠲᠠᠢ ᠦᠶ᠎ᠡ   ᠪᠢᠴᠢᠬᠠᠨ ᠬᠤᠲᠠ ᠶᠢᠨ ᠰᠠᠷᠠᠪᠴᠢᠨ ᠭᠡᠷ ᠤᠨ   ᠪᠠᠯᠪᠠᠷᠬᠠᠢ ᠬᠠᠭᠠᠷᠬᠠᠢ ᠰᠠᠷᠠᠪᠴᠢᠨ ᠠᠴᠠ ᠴᠦ   ᠪᠠᠭ᠋ᠠᠷᠤᠯ ᠲᠠᠢ ᠰᠠᠶᠢᠬᠠᠨ ᠲᠡᠭᠷᠢ ᠶᠢ ᠦᠵᠡᠨ᠎ᠡ     ᠰᠠᠶᠢᠬᠠᠨ ᠭᠤᠶᠣ ᠲᠦᠷᠬᠦ ᠳᠤ   ᠰᠠᠷᠪᠠᠶᠢᠭᠰᠠᠨ ᠨᠢᠭᠡ ᠰᠡᠭᠦᠷᠡᠰᠦ ᠠᠯᠳᠠᠨ᠎ᠠ   ᠰᠠᠺᠦᠷᠠ ᠠᠷᠠᠯ ᠤᠨ ᠠᠭᠤᠰᠬᠢᠨ ᠴᠡᠴᠡᠭ   ᠰᠠᠮᠨᠠᠭ᠎ᠠ ᠦᠭᠡᠢ ᠦᠷᠪᠡᠭ ᠭᠡᠵᠢᠭᠡ     ᠵᠠᠯᠠᠭᠤ ᠽᠠᠨᠳᠠᠨ ᠨᠠᠰᠤᠨ ᠤ   ᠵᠠᠮᠪᠠᠷᠠᠭ᠎ᠠ ᠦᠭᠡᠢ ᠪᠣᠳᠣᠯ ᠰᠠᠨᠠᠭ᠎ᠠ   ᠵᠠᠪᠳᠤᠨ ᠳᠡᠯᠭᠡᠷᠡᠬᠦ ᠤᠷᠭᠤᠬᠤ   ᠵᠡᠯ᠎ᠡ ᠮᠦᠴᠢᠷ ᠭᠠᠵᠠᠷ ᠠᠪᠤᠨ᠎ᠠ     ᠴᠡᠷᠢᠭ ᠤᠨ ᠬᠦᠷᠢᠶᠡᠨ ᠤ ᠪᠢᠴᠢᠬᠠᠨ ᠬᠠᠷᠠᠭᠤᠯ   ᠴᠢ ᠵᠥᠪᠬᠡᠨ ᠶᠣᠰᠣᠯᠠᠬᠤ ᠶᠢ ᠯᠡ ᠮᠡᠳᠡᠨ᠎ᠡ   ᠬᠠᠪᠤᠷ ᠳᠤᠷᠠᠰᠬᠤ ᠬᠡᠦᠬᠡᠨ ᠤ ᠬᠠᠷᠠᠴᠠ   ᠬᠠᠷᠢ ᠬᠤᠯᠠ ᠶᠢᠨ ᠠᠶᠠᠨ ᠳᠤ ᠮᠤᠷᠳᠠᠪᠠ      ᠦᠵᠡᠰᠭᠦᠯᠡᠩ ᠰᠠᠶᠢᠬᠠᠨ ᠦᠶ᠎ᠡ ᠳᠤ   ᠤᠭᠤᠷᠠᠭ ᠲᠠᠷᠢᠬᠢ ᠬᠤᠪ ᠬᠤᠭᠤᠰᠣᠨ   ᠬᠡᠭᠦᠳᠡᠭ ᠴᠡᠭᠡᠵᠢ ᠬᠦᠨᠳᠡᠶᠢᠷᠡᠭᠡᠳ   ᠬᠦᠯ ᠤᠨ ᠰᠠᠯᠠᠭᠠᠨ ᠠᠴᠠ ᠬᠤᠮᠠᠭ ᠪᠤᠲᠠᠷᠠᠨ᠎ᠠ     ᠬᠠᠮᠤᠭ ᠰᠠᠶᠢᠬᠠᠨ ᠦᠶ᠎ᠡ ᠳᠤ   ᠬᠠᠷ᠎ᠠ ᠬᠠᠨ᠎ᠠ ᠪᠤᠷᠤ ᠬᠤᠨᠤᠭ ᠠᠴᠠ   ᠬᠠᠲᠠᠭᠤᠵᠢᠨ ᠲᠤᠭᠤᠯᠬᠤ ᠭᠡᠵᠦ   ᠬᠠᠨᠴᠤᠢ ᠰᠢᠮᠠᠯᠠᠨ ᠰᠢᠭᠤᠷᠬᠠᠢ ᠠᠯᠬᠤᠯᠠᠪᠠ      ᠬᠠᠶᠢᠷᠴᠠᠭᠲᠤ ᠷᠠᠳᠢᠤ᠋ ᠠᠴᠠ ᠬᠠᠩᠭᠢᠨᠠᠭᠰᠠᠨ   ᠬᠡᠷᠬᠡᠮᠲᠡᠨ ᠤ ᠠᠶ᠎ᠠ ᠲᠠᠪᠴᠢᠭᠤ   ᠬᠠᠷ᠎ᠠ ᠲᠠᠮᠠᠬᠢ ᠬᠤᠷᠢᠭᠯᠠᠬᠤ ᠰᠢᠤᠬᠠᠨ   ᠬᠠᠷᠢ ᠭᠦᠷᠦᠨ ᠤ ᠡᠯᠳᠡᠪ ᠥᠳᠥᠭᠡᠯᠭᠡ     ᠪᠤᠯᠪᠠᠷᠠᠢ ᠰᠠᠶᠢᠬᠠᠨ ᠦᠶ᠎ᠡ ᠳᠤ   ᠪᠢ ᠬᠡᠴᠡᠭᠦᠦ ᠵᠤᠯ ᠪᠤᠰᠤ   ᠪᠢᠳᠠᠭᠤᠯᠢᠭ ᠤᠨ ᠲᠣᠶᠢᠯ ᠳᠤ ᠲᠤᠯᠵᠤ   ᠪᠣᠬᠢᠨᠢᠳᠣᠨ ᠵᠣᠪᠠᠵᠣ ᠶᠠᠪᠤᠵᠤ ᠪᠠᠶᠢᠪᠠ     ᠡᠶᠢᠮᠦ ᠠᠴᠠ ᠪᠢ ᠰᠢᠭᠤᠳᠤᠯ᠎ᠠ   ᠥᠪᠡᠷ ᠤᠨ ᠠᠮᠢ ᠨᠠᠰᠤ ᠪᠠᠨ ᠤᠷᠳᠤᠳᠬᠠᠬᠤ ᠪᠠᠷ   ᠡᠪᠯᠡᠭᠦᠯᠦᠨ ᠨᠤᠤᠷᠠᠭᠯᠠᠬᠤ ᠰᠢᠯᠥᠭ ᠲᠤ ᠪᠠᠨ   ᠡᠪᠡᠷᠰᠢᠶᠡᠭᠰᠡᠨ ᠰᠡᠳᠭᠢᠯ ᠢᠶᠠᠨ ᠣᠷᠣᠭᠤᠯᠵᠣ ᠪᠢᠴᠢᠯ᠎ᠡ
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号