ᠬᠤᠷᠳᠤᠨ ᠮᠤᠷᠢᠨ ᠤ ᠨᠤᠳᠤᠭ ᠤᠨ ᠬᠠᠰᠢᠷ ᠤᠶᠠᠭᠠᠴᠢ ᠰᠠᠷᠬᠦᠯᠡᠩ
ᠨᠡᠶᠢᠲᠡᠯᠡᠭᠰᠡᠨ ᠴᠠᠭ᠄
2018-05-21
    ᠰᠢᠨ᠎ᠠ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠬᠡᠯ ᠪᠠᠯᠭᠠᠰᠤᠨ ᠠᠴᠠ ᠵᠠᠬᠦᠨ ᠡᠮᠤᠨ᠎ᠠ 65 ᠺᠢᠯᠤᠮᠧᠳ᠋ᠷ ᠤᠨ ᠵᠠᠢ ᠳᠤ ᠪᠠᠶᠢᠷᠢᠯᠠᠵᠤ ᠪᠠᠶᠢᠭ᠎ᠠ ᠤᠯᠠᠭᠠᠨᠨᠠᠭᠤᠷ ᠨᠢ ᠪᠠᠶᠢᠭᠠᠯᠢ ᠶᠢᠨ ᠦᠩᠬᠡ ᠦᠵᠠᠮᠵᠢ ᠪᠠᠷ ᠭᠤᠶᠢᠳᠠ‌‍ᠰᠠᠶᠢᠬᠠᠨ‌ᠭᠠᠵᠠᠷ ᠶᠤᠮ᠃ ᠤᠯᠠᠭᠠᠨᠨᠠᠭᠤᠷ ᠨᠢ ᠠᠯᠳᠠᠨ ᠨᠠᠮᠤᠷ ᠢᠶᠠᠷ ᠰᠢᠷᠭᠠᠯᠳᠤᠨ ᠳᠤᠶᠠᠭᠠᠷᠠᠵᠦ᠂ ᠤᠷᠢᠬᠠᠨ ᠬᠠᠪᠤᠷ ᠤᠨ ᠴᠠᠭ ᠢᠶᠠᠷ ᠠᠶᠠᠨ ᠤ ᠰᠢᠪᠠᠭᠤᠳ ᠨᠠᠬᠦᠳᠠᠯᠯᠠᠨ ᠪᠠᠭᠤᠵᠤ᠂ ᠠᠮᠢᠯᠠᠯ ᠤᠨ ᠬᠦᠴᠤᠨ ᠪᠢᠯᠬᠠᠭᠰᠠᠨ ᠴᠡᠩᠬᠡᠭ ᠨᠠᠭᠤᠷ ᠶᠤᠮ᠃ ᠡᠨᠡ ᠨᠤᠳᠤᠭ ᠤᠨ ᠤᠰᠤᠨ ᠤ ᠲᠤᠩᠭᠠᠯᠠᠭ ᠢ ᠤᠤᠭᠤᠳᠠᠭ᠂ ᠡᠪᠡᠰᠤᠨ ᠤ ᠰᠤᠷᠭᠤᠭ ᠢ ᠢᠳᠡᠳᠡᠭ ᠠᠷᠭᠤᠮᠠᠭ ᠬᠤᠷᠳᠤᠨ ᠬᠦᠯᠦᠭ ᠨᠢ ᠴᠤ ᠡᠪᠤᠯ ᠳᠡᠭᠡᠨ ᠤᠯᠠᠭᠠᠨᠨᠠᠭᠤᠷ ᠤᠨ ᠡᠩᠬᠡᠷ ᠲᠤ ᠡᠪᠤᠯᠵᠢᠵᠤ᠂ ᠵᠤᠨ ᠳᠠᠭᠠᠨ ᠤᠯᠠᠭᠠᠨᠨᠠᠭᠤᠷ ᠤᠨ ᠤᠰᠤᠨ ᠠᠴᠠ ᠤᠮᠳᠠᠯᠠᠨ᠎ᠠ᠃ ᠡᠶᠢᠨᠬᠦ ᠦᠨᠤᠳᠤᠷ ᠬᠦᠯᠤᠨ ᠪᠦᠢᠷ ᠤᠨ ᠡᠳᠤᠷ ᠤᠨ ᠰᠤᠨᠢᠨ ᠤ ︽ᠰᠢᠨ᠎ᠠ ᠤᠩᠰᠢᠭᠴᠢ ︾ ᠲᠤᠰᠬᠠᠢ ᠬᠡᠪᠯᠠᠯ ᠤᠨ ︽ᠤᠶᠠᠭᠠᠨ ᠤ ᠡᠵᠡᠳ︾ ᠲᠤᠰᠬᠠᠢ ᠰᠤᠷᠪᠤᠯᠵᠢᠯᠠᠭ᠎ᠠ ᠡᠷᠴᠢ ᠴᠢᠩᠭᠠᠷᠠᠵᠤ ᠪᠠᠶᠢᠭ᠎ᠠ ᠳᠠᠰᠢᠷᠠᠮ ᠢᠶᠠᠷ ᠰᠢᠨ᠎ᠠ ᠪᠠᠷᠭᠤ ᠪᠠᠷᠠᠭᠤᠨ ᠬᠤᠰᠢᠭᠤᠨ ᠤ ᠬᠤᠷᠳᠤᠨ ᠮᠤᠷᠢ ᠭᠠᠷᠳᠠᠭ ᠪᠦᠢᠷ ᠰᠤᠮᠤ ᠶᠢᠨ ᠬᠠᠰᠢᠷ ᠤᠶᠠᠭᠠᠴᠢ ᠰᠠᠷᠬᠦᠯᠡᠩ ᠤᠨ ᠬᠢ ᠶᠢ ᠵᠤᠷᠢᠵᠤ ᠤᠴᠢᠭᠰᠠᠨ ᠨᠢ ᠡᠨᠡ ᠶᠤᠮ᠃     ᠤᠯᠠᠭᠠᠨᠨᠠᠭᠤᠷ ᠤᠨ ᠡᠩᠬᠡᠷ ᠢᠶᠠᠷ ᠵᠠᠬᠦᠨᠰᠢ ᠭᠠᠷᠴᠤ᠂ ᠨᠤᠭᠤᠭᠠᠨ ᠲᠤᠯᠤᠭᠠᠢ ᠶᠢᠨ ᠠᠷᠤ ᠰᠢᠯᠢ ᠶᠢ ᠳᠠᠮᠵᠢᠨ ᠬᠠᠰᠢᠷ ᠤᠶᠠᠭᠠᠴᠢ ᠰᠠᠷᠬᠦᠯᠡᠩ ᠤᠨ ᠬᠢ ᠳᠤ ᠬᠦᠷᠬᠦ ᠳᠤ ᠮᠠᠰᠢᠨ ᠤ ᠳᠠᠭᠤ ᠪᠠᠷ ᠵᠠᠯ᠎ᠠ ᠳᠡᠬᠡᠷᠡᠬᠢ ᠮᠤᠷᠢᠳ ᠨᠢ ᠤᠶᠠᠭᠠᠨ ᠳᠠᠬᠡᠷ᠎ᠠ ᠪᠠᠨ ᠡᠷᠬᠢᠯᠳᠤᠵᠤ᠂ ᠬᠤᠳᠠᠴᠢ ᠨᠤᠬᠠᠢ ᠬᠦᠩᠬᠢᠨᠡᠨ ᠬᠤᠴᠠᠨ᠎ᠠ᠃ ᠬᠠᠷᠢᠨ ᠠᠨᠤᠬᠠᠨ ᠪᠠᠶ᠎ᠠ ᠲᠠᠢ᠂ ᠨᠠᠮᠵᠢᠭᠤᠨ ᠠᠯᠬᠤᠭ᠎ᠠ ᠲᠠᠢ᠂ ᠳᠠᠶᠢᠪᠤᠩ ᠤᠭᠳᠤᠬᠰᠠᠨ ᠡᠨᠡ ᠬᠦᠮᠤᠨ ᠢ ᠬᠤᠳᠠᠢ ᠬᠠᠯᠠ ᠶᠢᠨ ᠬᠠᠰᠢᠷ ᠤᠶᠠᠭᠠᠴᠢ ᠰᠠᠷᠬᠦᠯᠡᠩ ᠬᠡᠳᠡᠭ᠃ ᠳᠠᠷᠠᠪᠠᠷ ᠰᠢᠨ᠎ᠠ ᠪᠠᠷᠭᠤ ᠪᠠᠷᠠᠭᠤᠨ ᠬᠤᠰᠢᠭᠤᠨ ᠤ ᠪᠦᠢᠷ ᠰᠤᠮᠤ ᠶᠢᠨ ᠮᠠᠨᠠᠩᠳᠠᠯ᠎ᠠ ᠭᠠᠴᠠᠭ᠎ᠠ ᠪᠠᠷ ᠨᠤᠳᠤᠭᠳᠠᠢ᠃ ᠭᠤᠴᠢᠭᠠᠳ ᠵᠢᠯ ᠬᠤᠷᠳᠤᠨ ᠤ ᠮᠤᠷᠢ ᠤᠶᠠᠵᠤ ᠶᠠᠪᠤᠬᠤ ᠳᠠᠭᠠᠨ ᠨᠤᠳᠤᠭ ᠤᠨ ᠨᠠᠶᠢᠷ ᠨᠠᠭᠠᠳᠤᠮ ᠤᠳ ᠢᠶᠠᠷ ᠵᠠᠭᠤ ᠭᠠᠷᠤᠢ ᠤᠳᠠᠭ᠎ᠠ ᠮᠤᠷᠢ ᠪᠠᠨ ᠲᠦᠷᠤᠬᠦᠯᠠᠬᠦᠯᠤᠨ ᠠᠯᠳᠠᠨ ᠮᠧᠳᠠᠯ ᠭᠠᠷᠳᠠᠵᠤ᠂ ᠬᠤᠶᠠᠷ ᠵᠠᠭᠤ ᠰᠢᠬᠠᠭᠤ ᠤᠳᠠᠭ᠎ᠠ ᠠᠶᠢᠷᠠᠭ ᠲᠤ ᠬᠤᠷᠳᠤᠯᠠᠭᠤᠯᠵᠤ ᠶᠠᠪᠤᠵᠠᠢ᠃     ᠤᠯᠠᠭᠠᠨᠨᠠᠭᠤᠷ ᠤᠨ ᠡᠩᠬᠡᠷ ᠬᠡᠵᠦ ᠬᠤᠵᠢᠷ ᠱᠤᠤ ᠡᠯᠪᠡᠭ ᠲᠠᠢ ᠰᠠᠶᠢᠬᠠᠨ ᠨᠤᠳᠤᠭ᠃ ᠡᠨᠡ ᠰᠠᠶᠢᠬᠠᠨ ᠨᠤᠳᠤᠭ ᠤᠨ ᠬᠦᠦ ᠰᠠᠷᠬᠦᠯᠡᠩ ᠳᠠᠪᠤ ᠵᠢᠷᠭᠤᠭᠠᠨ ᠨᠠᠰᠤᠳᠠᠢ ᠠᠴᠠ ᠪᠠᠨ ᠠᠪᠤ ᠶᠢ ᠪᠠᠨ ᠲᠠᠭᠠᠨ ᠠᠳᠤᠭᠤᠨ ᠳᠤ ᠶᠠᠪᠤᠵᠤ ᠂ ᠨᠠᠶᠢᠷ ᠲᠤ ᠬᠤᠷᠳᠤᠨ ᠮᠤᠷᠢ ᠤᠨᠤᠳᠠᠭ ᠪᠤᠯᠵᠠᠢ᠃ ᠳᠠᠷᠠᠪᠠᠷ ᠮᠤᠷᠢᠳ ᠬᠤᠷᠳᠤᠯᠠᠳᠠᠭ ᠨᠤᠳᠤᠭ ᠲᠠᠢ᠂ ᠤᠳᠤᠮ ᠳᠠᠮᠵᠢᠬᠰᠠᠨ ᠤᠶᠠᠭᠠᠴᠢᠳ ᠲᠠᠢ᠂ ᠤᠭᠰᠢᠯ ᠵᠠᠯᠭᠠᠭᠰᠠᠨ ᠮᠤᠷᠢᠳ ᠲᠠᠢ ᠪᠤᠯᠬᠤᠷ ᠦᠶ᠎ᠠ ᠬᠤᠷᠠᠭ ᠤᠨ ᠵᠠᠯᠠᠭᠤᠴᠤᠳ ᠠᠴᠠ ᠪᠠᠨ ᠡᠷᠳᠠ ᠤᠶᠠᠭᠠᠴᠢ ᠶᠢᠨ ᠵᠠᠮ ᠢ ᠡᠯᠬᠦᠵᠠᠢ᠃ ︽ᠳᠠᠬᠡᠷ᠎ᠠ ᠦᠶ᠎ᠠ ᠶᠢᠨ ᠨᠠᠰᠤᠳᠠᠨ ᠲᠤᠮᠤᠭᠠᠳᠠᠳ ᠠᠳᠤᠭᠤᠨ ᠤ ᠤᠭᠰᠢᠯ ᠢ ᠰᠠᠶᠢᠨ ᠮᠠᠳᠡᠳᠡᠭ ᠪᠠᠶᠢᠭᠰᠠᠨ᠂ ᠮᠠᠨ ᠤ ᠨᠤᠳᠤᠭ ᠴᠤ ᠤᠤᠯ ᠠᠴᠠ ᠪᠠᠨ ᠬᠤᠷᠳᠤᠨ ᠮᠤᠷᠢᠳ ᠲᠠᠢ ᠪᠠᠶᠢᠭᠰᠠᠨ ᠬᠡᠵᠤ ᠪᠤᠭᠤᠷᠤᠯ ᠤᠳ ᠬᠠᠭᠤᠴᠢᠯᠠᠳᠠᠭ ᠪᠠᠶᠢᠭᠰᠠᠨ︾ ᠬᠡᠨ᠎ᠠ᠃ ᠳᠠᠬᠡᠬᠡᠳ ᠴᠤ ᠮᠤᠷᠢ ᠤᠶᠠᠬᠤ ᠳᠤ ᠤᠨᠤᠯᠭ᠎ᠠ᠂ ᠡᠳ᠋ᠯᠡᠭᠡ᠂ ᠵᠦᠪ ᠰᠤᠷᠭᠠᠯᠳᠠ ᠴᠢᠬᠤᠯᠠ ᠪᠠᠶᠢᠳᠠᠭ᠃ ᠰᠠᠶᠢᠨ ᠮᠤᠷᠢ ᠶᠢ  ᠳᠠᠭ᠎ᠠ ᠠᠴᠠ ᠨᠢ ᠡᠳ᠋ᠯᠠᠵᠤ᠂ ᠮᠠᠯ ᠳᠤ ᠤᠨᠤᠬᠤ᠂ ᠭᠠᠷ ᠦᠵᠤᠬᠦᠷ ᠤᠨ ᠠᠵᠢᠯ ᠳᠤ ᠬᠡᠷᠡᠭᠯᠠᠵᠤ ᠴᠠᠭᠠᠷᠠᠭᠤᠯᠳᠠᠭ᠃ ᠮᠤᠩᠭᠤᠯ ᠤᠶᠠᠯᠭ᠎ᠠ ᠶᠢᠨ ᠬᠤᠪᠢ ᠳᠤ ᠤᠨᠤᠭ᠎ᠠ ᠪᠠᠷ ᠬᠦᠴᠤ ᠶᠢ ᠨᠢ ᠪᠠᠭᠤᠷᠠᠭᠤᠯᠤᠨ᠎ᠠ᠂ ᠤᠨᠤᠯᠭ᠎ᠠ ᠬᠠᠨᠤᠵᠤ᠂ ᠡᠳ᠋ᠯᠡᠭᠡ ᠳᠤ ᠳᠠᠭᠠᠭᠠᠴᠠ ᠲᠠᠢ ᠪᠤᠯᠵᠤ ᠪᠠᠶᠢᠭ᠎ᠠ ᠡᠷᠢᠨ ᠳᠤ ᠤᠶᠠᠯᠭ᠎ᠠ ᠡᠬᠢᠯᠠᠳᠡᠭ ᠬᠡᠰᠡᠨ ᠪᠤᠭᠤᠷᠤᠯ ᠤᠳ ᠤᠨ ᠰᠤᠷᠭᠠᠯ ᠢ ᠰᠠᠷᠬᠦᠯᠠᠩ ᠤᠮᠳᠤᠭᠠᠢᠢᠯᠠᠭᠰᠠᠨ ᠦᠬᠡᠢ ᠶᠠᠪᠤᠵᠠᠢ᠃     ᠤᠨᠠᠭᠠᠨ ᠠᠳᠤᠭᠤ ᠪᠠᠨ ᠬᠤᠷᠳᠤᠯᠠᠭᠤᠯᠤᠨ᠎ᠠ ᠬᠡᠳᠡᠭ ᠪᠤᠶᠠᠨ ᠲᠠᠢ ᠬᠦᠮᠤᠨ ᠤ ᠠᠵᠠ ᠵᠠᠶᠠᠭ᠎ᠠ ᠬᠡᠳᠡᠭ ᠢᠶᠠᠷ ᠰᠠᠷᠬᠦᠯᠠᠩ ᠬᠤᠯᠠ ᠤᠢᠢᠷ᠎ᠠ ᠶᠢᠨ ᠨᠠᠭᠠᠳᠤᠮ ᠤᠳ ᠢᠶᠠᠷ ᠤᠨᠠᠭᠠᠨ ᠮᠤᠷᠢᠳ ᠢᠶᠠᠨ ᠬᠤᠷᠳᠤᠯᠠᠭᠤᠯᠵᠤ᠂ 1996 ᠤᠨ ᠳᠤ ᠰᠤᠮᠤ ᠶᠢᠨ ᠨᠠᠭᠠᠳᠤᠮ ᠤᠨ ᠪᠦᠳᠤᠬᠦᠨ ᠮᠤᠷᠢᠨ ᠤ ᠤᠷᠤᠯᠳᠤᠭᠠᠨ ᠳᠤ ᠬᠠᠯᠳᠠᠷ ᠮᠤᠷᠢ ᠨᠢ ᠲᠦᠷᠤᠬᠦᠯᠠᠵᠤ᠂ ᠰᠤᠶᠤᠭᠠᠯᠠᠩ ᠮᠤᠷᠢᠨ ᠤ ᠤᠷᠤᠯᠳᠤᠭᠠᠨ ᠳᠤ ᠬᠠᠯᠵᠠᠨ ᠬᠦᠷᠠᠩ ᠮᠤᠷᠢ ᠨᠢ ᠲᠦᠷᠤᠬᠦᠯᠠᠵᠤ᠂ 2003 ᠤᠨ ᠤ ᠰᠤᠮᠤ ᠶᠢᠨ ᠨᠠᠭᠠᠳᠤᠮ ᠤᠨ ᠬᠤᠯᠠ ᠮᠤᠷᠢᠨ ᠤ ᠤᠷᠤᠯᠳᠤᠭᠠᠨ ᠳᠤ ᠬᠠᠯᠵᠠᠨ ᠬᠦᠷᠠᠩ ᠮᠤᠷᠢ ᠨᠢ ᠲᠦᠷᠤᠬᠦᠯᠠᠵᠤ ᠢᠷᠠᠬᠦ ᠳᠤ ᠮᠤᠩᠭᠤᠯ ᠤᠯᠤᠰ ᠤᠨ ᠤᠶᠠᠭᠠᠴᠢ ᠬᠤᠳᠠᠯᠳᠤᠨ ᠠᠪᠤᠭᠠᠳ ᠨᠤᠳᠤᠭ ᠪᠤᠴᠠᠭᠰᠨᠨ ᠬᠡᠳᠡᠭ᠃ ᠡᠶᠢᠨᠬᠦ ᠳᠠᠷᠠᠪᠠᠷ ᠤᠷᠳᠤ ᠤᠷᠳᠤ ᠡᠳᠤᠷ ᠬᠤᠨᠤᠭ ᠢ ᠮᠤᠷᠢᠳ ᠲᠠᠢ ᠴᠤᠭ ᠶᠠᠪᠤᠭᠰᠠᠭᠠᠷ ᠢᠷᠠᠵᠠᠢ᠃ ᠲᠤᠤᠷ᠎ᠠ ᠳᠠᠬᠡᠪᠠᠯ ᠨᠤᠳᠤᠭ ᠤᠰᠤᠨ ᠤ ᠨᠠᠷ᠎ᠠ ᠲᠦᠷᠤ ᠶᠢ ᠤᠯᠠᠨᠳᠠ ᠡᠷᠬᠦᠵᠤ᠂ ᠨᠠᠶᠢᠷ ᠨᠠᠭᠠᠳᠤᠮ ᠤᠳ ᠢᠶᠠᠷ ᠠᠶᠢᠷᠠᠭ ᠲᠦᠷᠤᠬᠦᠤ ᠳᠤ ᠬᠤᠷᠳᠤᠯᠠᠭᠤᠯᠵᠤ ᠪᠠᠶᠢᠭᠰᠠᠨ ᠠᠴᠠ ᠬᠡᠳᠤ ᠶᠢ ᠨᠢ ᠲᠤᠳᠤᠷᠠᠭᠤᠯᠪᠠᠯ᠄ 2011 ᠤᠨ ᠤ ᠬᠠᠭᠤᠴᠢᠨ ᠪᠠᠷᠭᠤ ᠬᠤᠰᠢᠭᠤᠨ ᠤ ︽ᠲᠦᠮᠠᠨ ᠠᠭᠳᠠ ᠶᠢᠨ ᠲᠦᠪᠡᠷᠬᠡᠨ︾ ᠠᠩᠬᠠᠳᠤᠭᠠᠷ ᠤᠳᠠᠭᠠᠨ ᠤ ᠠᠳᠤᠭᠤᠨ ᠰᠤᠶᠤᠯ ᠤᠨ ᠨᠠᠶᠢᠷ ᠲᠤ ᠬᠢᠵᠠᠭᠠᠯᠠᠩ ᠮᠤᠷᠢᠨ ᠤ ᠤᠷᠤᠯᠳᠤᠭᠠᠨ ᠳᠤ ᠬᠦᠷᠠᠩ ᠮᠤᠷᠢ ᠲᠦᠷᠤᠬᠦᠯᠠᠵᠤ᠂ 2012 · ᠦᠪᠤᠷ ᠮᠤᠩᠭᠤᠯ ᠤᠨ ᠡᠪᠤᠯ ᠤᠨ ᠨᠠᠭᠠᠳᠤᠮ ᠵᠢᠴᠢ ᠪᠠᠷᠭᠤ ᠶᠢᠨ ᠭᠠᠯ ᠳᠠᠬᠢᠯᠭ᠎ᠠ ᠶᠢᠨ ᠰᠤᠶᠤᠯ ᠤᠨ ᠨᠠᠶᠢᠷ ᠤᠨ ᠬᠤᠯᠠ ᠶᠢᠨ ᠮᠤᠷᠢᠨ ᠤ ᠤᠷᠤᠯᠳᠤᠭᠠᠨ ᠳᠤ ᠬᠡᠬᠡᠷ ᠮᠤᠷᠢ ᠲᠦᠷᠤᠬᠦᠯᠠᠵᠤ᠂ 2012 ᠤᠨ ᠤ ᠰᠢᠨ᠎ᠠ ᠪᠠᠷᠭᠤ ᠪᠠᠷᠠᠭᠤᠨ ᠬᠤᠰᠢᠭᠤᠨ ᠳᠤ ᠶᠠᠪᠤᠭᠳᠠᠭᠰᠠᠨ ᠬᠤᠶᠠᠷ ᠵᠠᠭᠤᠨ ᠭᠠᠵᠠᠷ ᠤᠨ ᠮᠤᠷᠢᠨ ᠤ ᠤᠷᠤᠯᠳᠤᠭᠠᠨ ᠳᠤ ᠮᠤᠬᠤᠷ ᠬᠦᠷᠠᠩ ᠮᠤᠷᠢ ᠨᠢ ᠲᠦᠷᠤᠬᠦᠯᠠᠵᠤ᠂ 2014 ᠬᠠᠭᠤᠴᠢᠨ ᠪᠠᠷᠭᠤ ᠬᠤᠰᠢᠭᠤᠨ ᠤ ︽ᠲᠦᠮᠠᠨ ᠠᠭᠳᠠ ᠶᠢᠨ ᠲᠦᠪᠡᠷᠬᠡᠨ︾ ᠭᠤᠷᠪᠠᠳᠤᠭᠠᠷ ᠤᠳᠠᠭᠠᠨ ᠤ ᠠᠳᠤᠭᠤᠨ ᠰᠤᠶᠤᠯ ᠤᠨ ᠨᠠᠶᠢᠷ ᠲᠤ ᠰᠢᠳᠤᠯᠠᠩ ᠮᠤᠷᠢᠨ ᠤ ᠤᠷᠤᠯᠳᠤᠭᠠᠨ ᠳᠤ ᠬᠦᠷᠡᠩ ᠰᠢᠳᠦᠯᠡᠩ ᠠᠮᠠᠨ ᠬᠦᠵᠦᠬᠦᠳᠡᠵᠦ᠂ ︽ᠪᠠᠷᠭᠤ ᠶᠢᠨ ᠬᠤᠷᠳᠤ 2016︾ ᠬᠤᠷᠳᠤᠨ ᠮᠤᠷᠢᠳ ᠤᠨ ᠤᠨ ᠤ ᠮᠠᠩᠯᠠᠢ ᠰᠢᠯᠭᠠᠷᠠᠭᠤᠯᠬᠤ ᠰᠢᠢᠳᠪᠤᠷᠢᠳᠤ ᠤᠷᠤᠯᠳᠤᠭᠠᠨ ᠳᠤ ᠬᠦᠷᠠᠩ ᠮᠤᠷᠢ ᠨᠢ ᠲᠦᠷᠤᠬᠦᠤ ᠮᠠᠩᠯᠠᠢ᠂ 2016 ᠤᠨ ᠤ ︽ᠬᠤᠯᠠᠳᠤ ᠶᠢᠨ ᠬᠤᠷᠳᠤ︾ ᠬᠤᠯᠠᠴᠢ ᠮᠤᠷᠢᠨ ᠤ ᠴᠤᠪᠤᠷᠠᠯ ᠤᠷᠤᠯᠳᠤᠭᠠᠨ ᠳᠤ ᠬᠦᠷᠠᠩ ᠮᠤᠷᠢ ᠨᠢ ᠲᠦᠷᠤᠬᠦᠤ᠂ 2015 ᠤᠨ ᠤ ᠶᠠᠬᠡᠬᠦ᠋ᠷᠢᠶ᠎ᠠ ᠭᠠᠴᠠᠭᠠᠨ ᠤ ᠭᠤᠷᠪᠠᠳᠤᠭᠠᠷ ᠤᠳᠠᠭᠠᠨ ᠤ ︽ᠶᠠᠬᠡᠬᠦ᠋ᠷᠢᠶ᠎ᠠ ᠬᠤᠨᠳᠠᠭᠠᠳᠤ︾ ᠪᠠᠶᠢᠳᠠᠰᠤᠨ ᠬᠡᠬᠦᠤ ᠶᠢᠨ ᠤᠷᠤᠯᠳᠤᠭᠠᠨ ᠵᠢᠴᠢ ᠪᠠᠭᠠᠴᠤᠳ ᠬᠡᠤᠬᠡᠳ ᠤᠨ ᠪᠠᠷᠭᠤ ᠵᠠᠩ ᠦᠢᠯᠠ ᠶᠢᠨ ᠤᠷᠤᠯᠳᠤᠭᠠᠨ ᠤ ᠪᠠᠶᠢᠳᠠᠰᠤᠨ ᠬᠡᠬᠦᠤ ᠶᠢᠨ ᠲᠦᠷᠤᠬᠦᠨ ᠳᠤ ᠬᠦᠷᠡᠩ ᠮᠤᠷᠢᠨ ᠤ ᠦᠬᠢᠨ ᠳᠠᠬᠦᠤ ᠬᠦᠷᠠᠩ ᠪᠠᠶᠢᠳᠠᠰᠤ ᠨᠢ ᠲᠦᠷᠤᠬᠦᠯᠡᠵᠤ᠂ 2016 ᠤᠨ ᠤ ᠬᠦᠯᠤᠨ ᠪᠦᠢᠷ ᠬᠤᠳᠠ ᠶᠢᠨ ᠬᠤᠯᠠ ᠶᠢᠨ ᠮᠤᠷᠢᠨ ᠤ ᠰᠤᠩᠭᠤᠯᠳᠠ ᠤᠷᠤᠯᠳᠤᠭᠠᠨ ᠵᠢᠴᠢ ᠰᠢᠨ᠎ᠠ ᠪᠠᠷᠭᠤ ᠪᠠᠷᠠᠭᠤᠨ ᠬᠤᠰᠢᠭᠤᠨ ᠤ ᠭᠠᠨᠵᠤᠤᠷ ᠰᠤᠮᠤᠨ ᠤ ᠪᠠᠶᠠᠨᠳᠠᠯ᠎ᠠ ᠭᠠᠴᠠᠭᠠᠨ ᠤ ︽ᠤᠳᠤᠮᠳᠤ ᠤᠨᠠᠭᠠᠨ ᠬᠦᠯᠦᠭ︾ ᠭᠠᠯ ᠤᠶᠠᠭᠠᠨ ᠤ ᠨᠠᠭᠠᠳᠤᠮ ᠤᠨ ᠠᠩᠬᠠᠳᠠᠬᠴᠢ ᠤᠳᠠᠭᠠᠨ ᠤ ᠤᠶᠠᠭᠠᠴᠢᠳ ᠤᠨ ᠭᠠᠯ ᠭᠠᠯ ᠤᠨ ᠪᠤᠭᠤᠴᠠᠭᠠᠳᠤ ︽ᠶᠡᠭᠡ ᠬᠤᠷᠳᠤ — 2016︾ ᠰᠢᠭᠰᠢᠮᠡᠯ ᠬᠤᠷᠳᠤᠨ ᠮᠤᠷᠢᠳ ᠤᠨ ᠤᠷᠤᠯᠳᠤᠭᠠᠨ ᠳᠤ ᠬᠠᠯᠳᠠᠷ ᠮᠤᠷᠢ ᠨᠢ ᠲᠦᠷᠤᠬᠦᠤ᠂ ᠬᠦᠷᠠᠩ ᠮᠤᠷᠢ ᠨᠢ ᠠᠮᠠᠨ ᠬᠦᠵᠤᠬᠦᠤ ᠳᠤ ᠬᠤᠷᠳᠤᠯᠠᠵᠤ᠂ ︽ᠭᠠᠨᠵᠤᠤᠷ ᠬᠤᠨᠳᠠᠭᠠᠳᠤ · ᠪᠠᠷᠭᠤ ᠶᠢᠨ ᠬᠤᠷᠳᠤ 2016︾ ᠬᠤᠷᠳᠤᠨ ᠮᠤᠷᠢᠳ ᠤᠨ ᠤᠨ ᠤ ᠮᠠᠩᠯᠠᠢ ᠰᠢᠯᠭᠠᠷᠠᠭᠤᠯᠬᠤ ᠰᠢᠢᠳᠪᠤᠷᠢᠳᠤ ᠤᠷᠤᠯᠳᠤᠭᠠᠨ ᠳᠤ ᠬᠦᠷᠠᠩ ᠮᠤᠷᠢ ᠨᠢ ᠲᠦᠷᠤᠬᠦᠤ᠂ 2016 ᠤᠨ ᠤ ᠦᠪᠤᠷ ᠮᠤᠩᠭᠤᠯ ᠤᠨ ᠦᠪᠡᠷᠳᠠᠬᠡᠨ ᠵᠠᠰᠠᠬᠤ ᠤᠷᠤᠨ ᠤ ᠶᠢᠰᠦᠳᠤᠬᠡᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠠᠨ ᠤ ᠤᠯᠠᠮᠵᠢᠯᠠᠯᠳᠤ ᠪᠠᠶ᠎ᠠ ᠳᠠᠮᠢᠷ ᠤᠨ ᠴᠤᠭᠯᠠᠭᠠᠨ ᠤ ᠬᠤᠯᠠ ᠶᠢᠨ ᠮᠤᠷᠢᠨ ᠤ ᠰᠢᠰᠢᠭᠭᠡ ᠤᠷᠤᠯᠳᠤᠭᠠᠨ ᠳᠤ ᠬᠦᠷᠠᠩ ᠮᠤᠷᠢ ᠨᠢ ᠨᠢᠬᠡᠳᠤᠬᠡᠷ ᠲᠤ ᠢᠷᠡᠵᠦ᠂ ᠬᠦᠷᠠᠩ ᠮᠤᠷᠢ ᠨᠢ ᠮᠠᠨᠠᠩ ᠤᠨ ᠪᠤᠭᠳ᠋ᠬᠠᠭᠤᠯᠠ ᠶᠢᠨ ᠳᠠᠬᠢᠯᠭ᠎ᠠ ᠶᠢᠨ ᠨᠠᠶᠢᠷ ᠲᠤ ᠲᠦᠷᠪᠠ ᠤᠳᠠᠭ᠎ᠠ ᠲᠦᠷᠤᠬᠦᠯᠠᠵᠤ᠂ ᠬᠤᠶᠠᠷ ᠤᠳᠠᠭ᠎ᠠ ᠠᠶᠢᠷᠠᠭ ᠲᠤ ᠬᠤᠷᠳᠤᠯᠠᠵᠤ ᠪᠠᠶᠢᠭᠰᠠᠨ ᠪᠦᠭᠡᠳ ᠤᠯᠠᠨᠳᠠ ᠠᠯᠳᠡ ᠮᠦᠩᠬᠦᠨ ᠮᠧᠳᠠᠯ ᠢ ᠭᠠᠷᠳᠠᠵᠤ ᠪᠠᠶᠢᠪᠠ᠃ ᠲᠡᠭᠡᠭᠡᠳ 2017 · ᠰᠢᠨ᠎ᠠ ᠪᠠᠷᠭᠤ ᠪᠠᠷᠠᠭᠤᠨ ᠬᠤᠰᠢᠭᠤᠨ ᠤ ᠮᠦᠩᠬᠦᠨ ᠡᠪᠤᠯ ᠤᠨ ᠪᠠᠷᠭᠤ ᠨᠠᠬᠦᠳᠠᠯ ᠰᠤᠶᠤᠯ ᠤᠨ ᠨᠠᠭᠠᠳᠤᠮ ᠳᠤ ᠠᠯᠳᠠᠷᠳᠤ ᠤᠶᠠᠭᠠᠴᠢ ᠪᠠᠷ ᠬᠦᠬᠢᠬᠦᠯᠦᠭᠳᠡᠵᠠᠢ᠃     ᠤᠶᠠᠭᠰᠠᠨ ᠡᠵᠡᠨ ᠶᠢᠨ ᠪᠠᠶᠠᠰᠬᠠᠵᠤ᠂ ᠤᠨᠤᠭᠰᠠᠨ ᠬᠡᠤᠬᠡᠳ ᠤᠨ ᠤᠤᠬᠠᠢ ᠶᠢ ᠬᠦᠷᠳᠠᠵᠤ ᠶᠠᠪᠤᠭᠰᠠᠨ ᠰᠠᠷᠬᠦᠯᠠᠩ ᠤᠨ ᠮᠤᠷᠢᠳ ᠨᠢ ᠳᠠᠭ᠎ᠠ ᠠᠴᠠ ᠪᠠᠨ ᠬᠤᠷᠳᠤ ᠲᠠᠢ᠂ 2009 ᠤᠨ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ ᠵᠠᠭᠤᠨ ᠳᠠᠭ᠎ᠠ ᠶᠢᠨ ᠨᠠᠶᠢᠷ ᠲᠤ ᠴᠦ ᠲᠠᠭ᠎ᠠ ᠨᠢ ᠲᠦᠷᠤᠬᠦᠯᠠᠵᠤ ᠪᠠᠶᠢᠭᠰᠠᠠ ᠬᠡᠳᠡᠭ᠃ ︽ᠬᠠᠯᠳᠠᠷ ᠮᠤᠷᠢ᠂ ᠬᠠᠯᠵᠠᠨ ᠬᠦᠷᠠᠩ ᠮᠤᠷᠢ᠂ ᠬᠠᠪᠴᠢᠭ ᠬᠦᠷᠠᠩ᠂ ᠬᠦᠷᠠᠩ ᠮᠤᠷᠢ ᠬᠡᠳ ᠤᠯᠠᠨ ᠬᠤᠷᠳᠤᠨ ᠮᠤᠷᠢᠳ ᠪᠠᠶᠢᠭᠰᠠᠨ᠃ ᠬᠦᠷᠠᠩ ᠮᠤᠷᠢ ᠪᠤᠯ ᠦᠪᠡᠷ ᠤᠨ ᠬᠡᠬᠦᠤ ᠶᠢᠨ ᠤᠨᠠᠭ᠎ᠠ᠂ ᠠᠵᠢᠷᠭ᠎ᠠ ᠨᠢ ᠰᠢᠨ᠎ᠠ ᠪᠠᠷᠭᠤ ᠵᠠᠬᠦᠨ ᠬᠤᠰᠢᠭᠤᠨ ᠤ ᠤᠶᠠᠭᠠᠴᠢ ᠮᠠᠩᠯᠠᠢ ᠶᠢᠨ ᠠᠵᠢᠷᠭᠠᠨ ᠴᠠᠪᠢᠳᠠᠷ ᠤᠨ ᠲᠦᠯ ᠤᠨ ᠬᠢᠨᠢ ᠲᠦᠯ᠂ ᠦᠰᠦᠬᠡᠢ ᠴᠠᠭᠠᠨ ᠬᠦᠷᠠᠩ ᠠᠵᠢᠷᠭ᠎ᠠ ᠶᠢᠨ ᠤᠭᠰᠢᠯ᠃ ᠬᠠᠷᠢᠨ ᠬᠤᠶᠠᠷ ᠵᠠᠭᠤᠨ ᠭᠠᠵᠠᠷ ᠲᠤ ᠲᠦᠷᠤᠬᠦᠯᠡᠭᠰᠡᠨ ᠮᠤᠬᠤᠷ ᠬᠦᠷᠠᠩ ᠮᠤᠷᠢ ᠪᠤᠯ ᠤᠷᠱᠤᠨ ᠭᠤᠤᠯ ᠤᠨ ᠵᠠᠬᠦᠨ ᠪᠠᠶ᠎ᠠ ᠠᠴᠠ ᠨᠠᠶᠢᠵᠠ ᠶᠢᠨ ᠬᠢ ᠠᠴᠠ ᠪᠠᠨ ᠲᠦᠮᠠᠨ ᠲᠦᠬᠦᠷᠢᠭ ᠢᠶᠠᠷ ᠬᠤᠳᠠᠯᠳᠤᠵᠤ ᠠᠪᠤᠭᠰᠠᠨ᠃ ᠮᠤᠬᠤᠷ ᠬᠦᠷᠠᠩ ᠤᠨ ᠬᠤᠪᠢ ᠳᠤ ᠤᠭᠰᠢᠯ ᠰᠢᠨᠵᠢᠵᠤ ᠠᠪᠤᠭᠰᠠᠨ ᠳ᠋ᠠ᠂ ᠤᠭᠰᠢᠯ ᠦᠬᠡᠢ ᠠᠳᠤᠭᠤ ᠠᠷᠠᠢ ᠰᠠᠨᠠᠭᠠᠨ ᠳᠤ ᠬᠦᠷᠳᠡᠭ ᠦᠬᠡᠢ︾ ᠬᠡᠨ᠎ᠠ᠃     ᠰᠡᠭᠦᠯ ᠤᠨ ᠦᠶ᠎ᠠ ᠳᠤ ᠠᠳᠤᠭᠤᠳ ᠤᠨ ᠶᠠᠰᠤ ᠨᠠᠷᠢᠰᠴᠤ᠂ ᠴᠢᠰᠤ ᠨᠢ ᠰᠢᠩᠬᠡᠷᠠᠵᠤ ᠮᠤᠷᠢᠳ ᠤᠨ ᠬᠤᠷᠳᠤ ᠮᠠᠳᠡᠭᠳᠡᠮ᠎ᠠ ᠳᠠᠭᠡᠭᠰᠢᠯᠠᠵᠤ ᠪᠠᠶᠢᠨ᠎ᠠ᠃ ᠰᠠᠷᠬᠦᠯᠠᠩ ᠴᠤ ᠭᠠᠳᠠᠨ᠎ᠠ ᠠᠴᠠ ᠬᠡᠳᠤᠨ ᠬᠤᠷᠳᠤᠨ ᠤ ᠤᠳᠤᠮᠳᠤ ᠠᠵᠢᠷᠭ᠎ᠠ ᠠᠪᠤᠭᠰᠠᠨ᠂ ᠬᠠᠭᠤᠴᠢᠨ ᠪᠠᠷᠭᠤ ᠬᠤᠰᠢᠭᠤᠨ ᠤ ᠮᠤᠯᠤᠤ ᠶᠢᠨ ᠠᠳᠤᠭᠤ᠂ ᠤᠶᠠᠭᠠᠴᠢ ᠮᠠᠩᠯᠠᠢ ᠶᠢᠨ ᠠᠳᠤᠭᠤᠨ ᠤ ᠤᠭᠰᠢᠯ ᠠᠴᠠ ᠬᠡᠳᠤ ᠠᠪᠤᠭᠰᠠᠨ᠂ ᠬᠡᠬᠦ ᠳᠡᠭᠡᠨ ᠴᠦᠬᠡᠨ ᠲᠤᠭ᠎ᠠ ᠶᠢ ᠡᠵᠡᠯᠠᠳᠡᠭ ᠬᠡᠨ᠎ᠠ᠃ ︽ᠦᠪᠠᠷ ᠢᠶᠠᠨ ᠭᠤᠤᠯᠳᠠᠭᠤ ᠡᠷᠯᠢᠵᠠ ᠠᠵᠢᠷᠭ᠎ᠠ᠂ ᠮᠤᠩᠭᠤᠯ ᠠᠵᠢᠷᠭ᠎ᠠ ᠲᠠᠢ᠃ ᠡᠨᠡ ᠬᠠᠯᠳᠠᠷ ᠮᠤᠷᠢᠨ ᠤ ᠤᠭᠰᠢᠯ ᠤᠨ ᠬᠤᠪᠢ ᠳᠤ ᠤᠶᠠᠭᠠᠴᠢ ᠮᠠᠩᠯᠠᠢ ᠠᠴᠠ ᠠᠪᠤᠭᠰᠠᠨ ᠠᠵᠢᠷᠭ᠎ᠠ᠃ ᠳᠠᠯ᠎ᠠ ᠨᠢ ᠴᠢᠰᠤ ᠰᠤᠯᠢᠬᠰᠠᠨ᠂ ᠡᠬᠡ ᠳᠠᠯ ᠎ᠠ ᠨᠢ ᠨᠤᠳᠤᠭ ᠤᠨ ᠬᠡᠬᠦᠤ᠃ ᠶᠠᠷᠤ ᠨᠢ ᠨᠢᠬᠡ ᠦᠵᠡᠵᠤ᠂ ᠬᠤᠶᠠᠷ ᠪᠤᠳᠤᠵᠤ ᠶᠠᠪᠤᠬᠤ ᠨᠢ ᠴᠢᠬᠤᠯᠠ᠂ ᠬᠤᠶᠠᠷ ᠳᠠᠯ᠎ᠠ ᠳᠠᠭᠠᠨ ᠳᠠᠭᠠᠬᠤ ᠬᠡᠷᠡᠭᠳᠠᠢ᠃ ᠤᠳᠤ ᠮᠤᠩᠭᠤᠯ ᠠᠳᠤᠭᠤᠨ ᠤ ᠪᠠᠨ ᠤᠭᠰᠢᠯ ᠢ ᠪᠠᠳᠤᠯᠠᠵᠤ᠂ ᠡᠷᠯᠢᠵᠠ ᠠᠳᠤᠭᠤᠨ ᠤ ᠬᠤᠷᠳᠤ ᠶᠢ ᠳᠠᠭᠠᠵᠤ ᠶᠠᠪᠤᠬᠤ ᠬᠡᠷᠡᠭᠳᠠᠢ ᠪᠤᠯᠤᠭᠠᠳ ᠪᠠᠶᠢᠨ᠎ᠠ︾ ᠬᠡᠵᠠᠢ᠃ ᠮᠤᠷᠢᠨ ᠤ ᠬᠤᠷᠳᠤ ᠴᠢᠩᠭᠠᠷᠠᠵᠤ᠂ ᠤᠭᠰᠢᠯ ᠰᠠᠶᠢᠳᠠᠢ ᠪᠤᠯᠵᠤ ᠪᠠᠶᠢᠨ᠎ᠠ ᠬᠡᠬᠦ ᠳᠤ ᠤᠶᠠᠯᠭ᠎ᠠ ᠡᠳ᠋ᠯᠡᠭᠡ ᠶᠢᠨ ᠳᠠᠯ᠎ᠠ ᠳᠤ ᠴᠤ ᠬᠤᠪᠢᠷᠠᠯᠳᠠ ᠭᠠᠷᠭᠠᠬᠤ ᠴᠢᠬᠤᠯᠠ᠃ ︽ᠤᠳᠤ ᠰᠠᠶᠢᠨ ᠤᠭᠰᠢᠯ ᠤᠨ ᠮᠤᠷᠢᠳ ᠢᠶᠠᠨ ᠳᠠᠵᠢᠬᠡᠯ ᠲᠠᠢ ᠤᠶᠠᠯᠳᠤᠭᠤᠯᠤᠨ ᠤᠶᠠᠬᠤ ᠨᠢ ᠴᠢᠬᠤᠯᠠ ᠪᠤᠯᠤᠭᠠᠳ ᠪᠠᠶᠢᠭ᠎ᠠ᠃ ᠶᠠᠷᠤ ᠨᠢ ᠵᠤᠨ ᠶᠡᠭᠡ ᠤᠶᠠᠭᠰᠠᠨ ᠮᠤᠷᠢ ᠪᠠᠨ ᠡᠪᠤᠯ ᠬᠠᠪᠤᠷ ᠶᠡᠭᠡ ᠤᠨᠤᠳᠠᠭ ᠦᠬᠡᠢ᠂ ᠨᠠᠮᠤᠷ ᠰᠠᠶᠢᠨ ᠤᠨᠤᠵᠤ ᠮᠢᠬ᠎ᠠ ᠶᠢ ᠨᠢ ᠴᠢᠩᠭᠠᠷᠠᠭᠤᠯᠤᠭᠠᠳ᠂ ᠡᠪᠤᠯ ᠠᠳᠤᠭᠤᠨ ᠳᠤᠨᠢ ᠡᠪᠤᠯᠵᠢᠬᠦᠯᠤᠨ᠂ ᠬᠠᠪᠤᠷ ᠪᠤᠯᠬᠤᠷ ᠤᠩᠭᠤᠢᠢᠯᠳᠠ ᠬᠢᠵᠤ ᠪᠠᠶᠢᠨ᠎ᠠ ᠬᠡᠳ ᠠᠵᠢᠯᠯᠠᠭ᠎ᠠ ᠬᠢᠵᠤ᠂ ᠬᠠᠪᠤᠷ ᠲᠤᠯᠠᠭᠠᠨ ᠤᠷᠤᠬᠤ ᠦᠶ᠎ᠠ ᠪᠠᠷ ᠳᠠᠵᠢᠬᠡᠬᠡᠳ ᠵᠤᠨ ᠤ ᠨᠤᠭᠤᠭᠠᠨ ᠳᠤ ᠤᠷᠤᠳᠠᠯ᠎ᠠ ᠳᠠᠵᠢᠬᠡᠳᠡᠭ︾ ᠬᠡᠵᠤ ᠰᠠᠷᠬᠦᠯᠠᠩ ᠤᠶᠠᠭ᠎ᠠ ᠰᠦᠢᠯᠭ᠎ᠠ ᠶᠢᠨ ᠲᠤᠬᠠᠢ ᠶᠠᠷᠢᠨ᠎ᠠ᠃     ᠮᠤᠷᠢ ᠬᠤᠷᠳᠤ ᠲᠠᠢ ᠪᠠᠶᠢᠬᠤ ᠨᠢ ᠮᠤᠷᠢ ᠬᠡᠤᠬᠡᠳ ᠬᠤᠶᠠᠷ ᠤᠨ ᠲᠠᠷᠠ ᠡᠳᠤᠷ ᠤᠨ ᠤᠳᠤ ᠳᠠᠭᠠᠷᠠᠬᠰᠠᠨ ᠬᠡᠵᠤ ᠨᠤᠳᠤᠭ ᠤᠨ ᠪᠤᠭᠤᠷᠤᠯᠴᠤᠳ ᠬᠠᠭᠤᠴᠢᠯᠠᠳᠠᠭ ᠪᠠᠶᠢᠭᠰᠠᠨ᠃ ︽ᠨᠢᠬᠡ ᠦᠶ᠎ᠠ ᠶᠢ ᠪᠤᠳᠤᠪᠠᠯ ᠤᠨᠤᠭᠠᠴᠢ ᠬᠡᠤᠬᠡᠳ ᠶᠠᠷᠤᠩᠬᠡᠢ ᠳᠡᠭᠡᠨ ᠴᠦᠬᠡᠨ ᠪᠤᠯᠤᠭᠰᠠᠨ ᠰᠢᠤ᠃ ᠤᠨᠤᠭᠠᠴᠢ ᠬᠡᠤᠬᠡᠳ ᠴᠦᠬᠡᠷᠠᠵᠤ ᠪᠠᠶᠢᠨ᠎ᠠ ᠬᠡᠳᠡᠭ ᠴᠢᠨᠢ ᠬᠡᠤᠬᠡᠳ ᠤᠳ ᠮᠤᠩᠭᠤᠯ ᠠᠮᠢᠳᠤᠷᠠᠯ ᠠᠴᠠ ᠪᠠᠨ ᠰᠠᠯᠵᠤ ᠪᠠᠶᠢᠭ᠎ᠠ ᠨᠢ ᠳᠠᠷᠠ᠂ ᠨᠠᠭᠠᠳᠤ ᠵᠠᠬ᠎ᠠ ᠳᠠᠭᠠᠨ ᠮᠠᠯ ᠤᠨ ᠦᠩᠬᠡ ᠵᠢᠰᠤᠮ᠂ ᠨᠠᠰᠤ ᠵᠢᠯ ᠢ ᠨᠢ ᠮᠠᠳᠠᠬᠦ ᠦᠬᠡᠢ ᠨᠢ ᠤᠯᠠᠨ ᠪᠤᠯᠵᠤ ᠪᠠᠶᠢᠨ᠎ᠠ᠃ ᠳᠠᠬᠡᠬᠦ ᠪᠠᠷ ᠢᠶᠠᠨ ᠬᠤᠷᠳᠤᠨ ᠤ ᠪᠤᠶᠠᠨ ᠳᠤ ᠬᠡᠶᠢᠮᠤᠷᠢ ᠪᠠᠨ ᠰᠠᠷᠬᠦᠬᠡᠵᠤ᠂ ᠮᠤᠩᠭᠤᠯ ᠠᠮᠢᠳᠤᠷᠠᠯ ᠳᠠᠭᠠᠨ ᠬᠠᠨᠢ ᠪᠤᠯᠵᠤ ᠶᠠᠪᠤᠬᠤ ᠨᠢ ᠦᠨᠡᠨᠳᠠᠢ︾ ᠬᠡᠵᠤ ᠰᠠᠷᠬᠦᠯᠠᠩ ᠵᠠᠯᠠᠭᠤ ᠨᠢᠬᠡ ᠦᠶ᠎ᠠ ᠶᠢᠨ ᠬᠢᠨ ᠳᠡᠭᠡᠨ ᠵᠠᠬᠢᠨ᠎ᠠ᠃     ᠨᠠᠳᠠᠳᠤ ᠬᠦᠮᠤᠨ ᠠᠴᠠ ᠤᠨᠴᠠᠭᠠᠢ ᠤᠶᠠᠯᠭ᠎ᠠ ᠰᠦᠢᠯᠭ᠎ᠠ ᠬᠡᠵᠤ ᠪᠠᠶᠢᠭ᠎ᠠ ᠦᠬᠡᠢ᠂ ᠤᠳᠤᠮ ᠵᠠᠯᠭᠠᠭᠰᠠᠨ ᠡᠬᠡᠯ ᠵᠢᠷ ᠤᠨ ᠨᠢᠬᠡ ᠤᠶᠠᠭᠠᠴᠢ ᠳ᠋ᠠ ᠬᠡᠳᠡᠭ ᠦᠬᠡ ᠨᠢ ᠴᠡᠬᠡᠵᠢᠨ ᠳᠤ ᠬᠠᠳᠠᠩᠰᠢᠵᠤ᠂ ᠰᠢᠨ᠎ᠠ ᠵᠢᠯ ᠳᠡᠭᠡᠨ ᠰᠠᠷᠬᠦᠯᠠᠩ ᠠᠪᠠᠭ᠎ᠠ ᠶᠢᠨ ᠤᠨᠠᠭ᠎ᠠ ᠨᠢ ᠪᠤᠰᠤᠭ᠎ᠠ ᠪᠠᠷ ᠲᠦᠷᠤᠵᠤ᠂ ᠮᠤᠷᠢᠳ ᠨᠢ ᠬᠤᠷᠳᠤᠨ ᠪᠠᠶᠢᠭᠠᠰᠠᠢ᠃
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号