ᠠᠮᠢᠳᠤᠷᠠᠯ ᠪᠢᠯᠬᠠᠭᠰᠠᠨ ᠠᠰ ᠤᠨ ᠭᠤᠷᠤᠬ᠎ᠠ ᠦᠢᠯᠡᠳᠥᠯᠭᠡ ᠪᠠᠷ ᠬᠦᠮᠤᠵᠢᠭᠰᠡᠨ ᠬᠦᠳᠡᠭᠡ ᠶᠢᠨ ᠠᠶᠠᠯᠠᠯ
ᠨᠡᠶᠢᠲᠡᠯᠡᠭᠰᠡᠨ ᠴᠠᠭ᠄
2018-05-21
    ᠪᠠᠶᠠᠨᠴᠠᠭᠠᠨ ᠠᠭᠤᠯᠠᠨ ᠤ ᠵᠡᠬᠦᠨ ᠡᠮᠦᠨ᠎ᠠ ᠬᠤᠷᠮᠤᠢ ᠳᠤ ᠠᠰ ᠤᠨ ᠭᠤᠷᠤᠬ᠎ᠠ ᠬᠡᠵᠦ ᠬᠤᠵᠢᠷ ᠤᠰᠤ ᠡᠯᠪᠡᠭ ᠭᠠᠵᠠᠷ ᠪᠠᠶᠢᠳᠠᠭ᠃ ᠠᠳᠡ ᠴᠠᠭᠠᠨ ᠪᠠᠯᠭᠠᠰᠤᠨ ᠤ ᠪᠠᠶ᠋ᠬᠠᠠᠭᠤᠯᠠ ᠭᠠᠴᠠᠭᠠᠨ ᠤ ᠮᠠᠯᠴᠢᠨ ᠰᠤᠭᠠᠷ ᠤᠨ ᠬᠢᠨ ᠰᠠᠭᠤᠷᠢᠰᠢᠳᠠᠭ᠃ 4 ᠰᠠᠷ᠎ᠠ ᠶᠢᠨ 30᠎ ᠤ ᠡᠲᠦᠷ ᠡᠳᠡᠨᠡᠶᠢᠬᠢᠨ ᠳᠤ ᠬᠠᠪᠤᠷ ᠤᠨ ᠲᠦᠯ ᠤᠨ ᠤᠶᠠᠩᠭ᠎ᠠ᠂ ᠬᠡᠤᠬᠡᠳ ᠤᠨ ᠨᠠᠭᠠᠳᠬᠤ ᠲᠠᠭᠤᠨ ᠬᠤᠤᠰᠯᠠᠵᠤ᠂ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢ᠂ ᠬᠡᠷ ᠤᠨ ᠠᠬᠠᠮᠠᠳ ᠤᠨ ᠦᠢᠯᠡᠲᠦᠯᠬᠡ ᠳᠤ ᠤᠷᠤᠯᠴᠠᠬᠤ ᠠᠵᠢᠯᠯᠠᠭ᠎ᠠ ᠪᠤᠯᠤᠨ ᠰᠢᠨ᠎ᠠ ᠪᠠᠷᠭᠤ ᠵᠡᠬᠦᠨ ᠬᠤᠰᠢᠭᠤᠨ ᠤ ︽ᠠᠰᠠᠷ︾ ᠬᠤᠷᠰᠢᠶᠠᠵᠢᠯ ᠤᠨ ᠮᠠᠯᠵᠢᠬᠤ ᠰᠤᠶᠤᠯ ᠢᠶᠠᠨ ᠲᠠᠨᠢᠭᠤᠯᠬᠤ ᠬᠠᠮᠲᠤᠷᠠᠭᠰᠠᠨ ᠠᠵᠢᠯᠯᠠᠭ᠎ᠠ ᠤᠷᠢᠲᠦ ᠡᠲᠦᠷ ᠤᠨ ᠰᠡᠯᠬᠢᠨ ᠠᠴᠠ ᠬᠤᠶᠢᠰᠢᠯᠠᠵᠤ ᠤᠲᠦ ᠶᠠᠪᠤᠭᠳᠠᠵᠤ ᠪᠠᠶᠢᠭ᠎ᠠ ᠨᠢ ᠡᠨᠡ ᠪᠢᠯᠠ᠃ ᠬᠡᠤᠬᠡᠳ ᠲᠤ ᠲᠡᠭᠷᠢ ᠬᠦᠷᠳᠡᠯ᠎ᠠ ᠬᠠᠶᠢᠷᠠᠳᠠᠢ ᠪᠤᠯᠬᠤᠷ ᠴᠡᠯᠮᠡᠭᠰᠢᠵᠤ᠂ ᠤᠷᠢᠲᠦ ᠡᠲᠦᠷ ᠤᠨ ᠵᠢᠷᠭᠤᠭᠠᠨ ᠲᠡᠰ ᠤᠨ ᠰᠡᠯᠬᠢ ᠤᠷᠤ ᠲᠡᠰᠦ ᠦᠬᠡᠢ ᠠᠷᠢᠯᠵᠤ ᠰᠠᠶᠢᠬᠠᠨ ᠡᠲᠦᠷ ᠪᠤᠯᠵᠠᠢ᠃ ᠬᠠᠪᠤᠷ ᠤᠨ ᠰᠡᠬᠦᠯᠴᠢ ᠶᠢᠨ ᠰᠠᠷ᠎ᠠ ᠳᠤ ᠬᠠᠮᠢᠭ᠎ᠠ ᠭᠠᠵᠠᠷ ᠴᠤ ᠢᠷᠭᠤᠢ ᠨᠢᠲᠦᠯᠡᠨ ᠨᠤᠭᠤᠭ᠎ᠠ ᠰᠤᠶᠤᠭᠠᠯᠠᠵᠤ᠂ ᠬᠠᠪᠤᠷ ᠤᠨ ᠬᠠᠭᠰᠠᠷᠭᠠᠨ ᠳᠤ ᠮᠡᠨᠳᠦ ᠤᠨᠲᠤᠷᠤᠭᠰᠠᠨ ᠮᠠᠯ ᠤᠳ ᠨᠤᠭᠤᠭ᠎ᠠ ᠵᠠᠭᠤᠭᠰᠠᠨ ᠢᠶᠠᠷ ᠮᠠᠯᠴᠢᠨ ᠬᠦᠮᠦᠨ ᠤ ᠰᠡᠳᠬᠢᠯ ᠪᠠᠭ᠎ᠠ ᠴᠦ ᠬᠡᠰᠡᠨ ᠲᠡᠨᠢᠢᠯ᠎ᠠ᠃     ᠰᠤᠭᠠᠷ ᠤᠨ ᠬᠢᠨ ᠭᠤᠷᠪᠠᠨ ᠮᠤᠩᠭᠤᠯ ᠬᠡᠷ ᠢᠶᠠᠨ ᠵᠡᠷᠬᠡᠴᠡᠬᠦᠯᠦᠨ ᠪᠠᠷᠢᠵᠤ᠂ ᠬᠡᠷ ᠤᠨ ᠤᠷᠢᠲᠤ ᠲᠠᠯ᠎ᠠ ᠪᠠᠷ ᠬᠦᠯᠢᠶ᠎ᠠ᠂ ᠮᠤᠬᠤᠯᠠᠭ ᠲᠡᠷᠬᠡ ᠪᠠᠨ ᠲᠡᠭᠰᠢ ᠬᠦᠨᠵᠢᠵᠤ᠂ ᠮᠠᠯ ᠤᠨ ᠬᠠᠰᠢᠶ᠎ᠠ᠂ ᠮᠧᠬᠠᠨᠢᠭ ᠮᠠᠰᠢᠨ ᠲᠡᠷᠬᠡ ᠪᠠᠨ ᠲᠡᠭᠰᠢ ᠵᠢᠭᠰᠠᠭᠠᠭᠰᠠᠨ ᠢ ᠬᠠᠷᠠᠬᠤ ᠳᠤ ᠠᠵᠢᠯᠴᠢ ᠠᠶᠢᠯ ᠤᠨ ᠰᠢᠨᠵᠢ ᠮᠡᠳᠡᠭᠳᠡᠨ᠎ᠠ᠃ ᠰᠤᠭᠠᠷ ᠤᠨ ᠬᠦᠦ ᠠᠶᠠᠯᠭᠤ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠪᠠᠭ᠎ᠠ ᠰᠤᠷᠭᠠᠭᠤᠯᠢ ᠶᠢᠨ ᠬᠤᠶᠠᠲᠤᠭᠠᠷ ᠤᠨ ᠳᠤ ᠰᠤᠷᠤᠯᠴᠠᠳᠠᠭ᠃ ᠪᠠᠭᠰᠢ ᠶᠢᠨ ᠬᠢᠨᠢ ᠰᠠᠨᠠᠭᠠᠴᠢᠯᠠᠭ᠎ᠠ ᠪᠠᠷ ᠲᠡᠳᠡᠨ ᠤ ᠠᠩᠬᠢ ᠶᠢᠨ ᠰᠤᠷᠤᠭᠴᠢᠳ᠂ ᠪᠠᠭᠰᠢ ᠪᠤᠯᠤᠨ ᠬᠡᠷ ᠤᠨ ᠠᠬᠠᠮᠠᠳ ᠲᠠᠪᠤᠨ ᠰᠠᠷ᠎ᠠ ᠶᠢᠨ ᠨᠢᠬᠡᠨ ᠤ ᠠᠮᠠᠷᠠᠯᠳᠠ ᠶᠢᠨ ᠬᠤᠭᠤᠴᠠᠭᠠᠨ ᠳᠤ ᠬᠠᠮᠳᠤᠪᠠᠷ ᠮᠠᠯᠴᠢᠨ ᠠᠶᠢᠯ ᠤᠨ ᠮᠠᠯᠵᠢᠬᠤ ᠠᠮᠢᠲᠤᠷᠠᠯ ᠳᠤ ᠪᠠᠶᠠᠴᠢᠯᠠᠨ ᠤᠷᠤᠯᠴᠠᠵᠦ ᠬᠡᠤᠬᠡᠳ ᠤᠨ ᠬᠢᠴᠢᠶᠡᠯ ᠤᠨ ᠠᠭᠤᠯᠭ᠎ᠠ ᠶᠢ ᠪᠠᠳᠤᠳᠬᠠᠬᠤ ᠪᠠ ᠮᠠᠯᠵᠢᠬᠤ ᠰᠤᠶᠤᠯ ᠢᠶᠠᠨ ᠲᠠᠨᠢᠭᠤᠯᠬᠤ ᠶᠢ ᠰᠠᠨᠠᠵᠤ ᠲᠤᠰ ᠤᠳᠠᠭᠠᠨ ᠤ ᠠᠵᠢᠯᠯᠠᠭ᠎ᠠ ᠶᠢ ᠵᠤᠬᠢᠶᠠᠨ ᠪᠠᠶᠢᠭᠤᠯᠵᠦ ᠠᠶᠠᠯᠭᠤ ᠶᠢᠨ ᠬᠡᠷ ᠲᠤ ᠬᠦᠷᠦᠯᠴᠠᠨ ᠢᠷᠠᠪᠠ᠃     ᠰᠤᠭᠠᠷ ᠤᠨ ᠬᠢᠨ ᠪᠤᠯᠤᠨ ᠬᠦᠷᠰᠢ ᠵᠡᠷᠬᠡᠯᠡᠳᠡᠭᠡ ᠰᠠᠭᠠᠬᠠᠯᠳᠠ ᠶᠢᠨ ᠬᠦᠮᠦᠰ ᠬᠠᠳᠠᠭ ᠢᠶᠠᠨ ᠲᠡᠯᠬᠡᠵᠤ ᠠᠯᠤᠰ ᠤᠨ ᠵᠤᠴᠢᠳ ᠢᠶᠠᠨ ᠤᠭᠲᠤᠨ ᠠᠪᠴᠦ᠂ ᠭᠤᠷᠪᠠ ᠠᠶᠢᠯᠠᠯᠠᠭᠰᠠᠨ ᠮᠤᠩᠭᠤᠯ ᠬᠡᠷ ᠤᠨ ᠪᠠᠷᠠᠭᠤᠨ ᠬᠡᠷ ᠲᠤ ᠬᠡᠶᠢᠴᠢᠨ ᠵᠤᠴᠢᠳ ᠢᠶᠠᠨ ᠤᠷᠤᠭᠤᠯᠤᠯ᠎ᠠ᠃ ᠴᠠᠢ ᠤᠤᠭᠤᠵᠤ᠂ ᠲᠠᠨᠢᠯᠴᠠᠵᠤ ᠮᠡᠳᠡᠯᠴᠡᠭᠰᠡᠨ ᠤ ᠰᠡᠬᠦᠯᠡᠷ ᠬᠡᠤᠬᠡᠳ ᠤᠨ ᠠᠩᠬᠠᠨ ᠤ ᠬᠢᠴᠢᠶᠡᠯ ᠢ ᠠᠶᠠᠯᠭᠤ ᠶᠢᠨ ᠡᠮᠡᠭᠡ ᠡᠵᠢ ᠤᠷᠠᠨᠴᠡᠴᠡᠭ ᠨᠠᠰᠤᠳᠠᠨ ᠠᠴᠠ ᠮᠤᠩᠭᠤᠯ ᠬᠡᠷ ᠤᠨ ᠪᠦᠲᠦᠴᠡ ᠪᠦᠷᠢᠯᠲᠤᠬᠦᠨ᠂ ᠤᠯᠠᠮᠵᠢᠯᠠᠯᠲᠦ ᠬᠡᠷ ᠤᠨ ᠲᠤᠲᠤᠷᠠᠬᠢ ᠡᠳ᠋ᠯᠡᠯ ᠬᠡᠷᠡᠭᠰᠡᠯ ᠢ ᠲᠠᠨᠢᠯᠴᠠᠭᠤᠯᠤᠨ ᠶᠠᠷᠢᠵᠦ᠂ ᠰᠤᠷᠤᠭᠴᠢᠳ ᠮᠡᠳᠡᠬᠦ ᠦᠭᠡᠢ ᠴᠢᠳᠠᠬᠤ ᠦᠬᠡᠢ ᠪᠠᠨ ᠵᠤᠷᠢᠭᠲᠠᠢ ᠠᠰᠠᠭᠤᠵᠤ ᠮᠤᠩᠭᠤᠯ ᠬᠡᠷ ᠲᠠᠬᠢ ᠬᠢᠴᠢᠶᠡᠯ ᠴᠢᠯᠦᠬᠡᠲᠠᠢ ᠪᠦᠬᠡᠳ ᠤᠢᠢᠯᠠᠭᠠᠮᠵᠢ ᠲᠠᠢ ᠶᠠᠪᠤᠭᠳᠠᠪᠠ᠃ ᠬᠤᠶᠠᠲᠤᠭᠠᠷ ᠤᠨ ᠤ ᠰᠤᠷᠤᠭᠴᠢᠳ ᠤᠨ ᠬᠢᠴᠢᠶᠡᠯ ᠤᠨ ᠪᠢᠴᠢᠭ ᠲᠤ ᠴᠠᠢ ᠴᠢᠨᠠᠬᠤ ᠲᠤᠬᠠᠢ ᠬᠢᠴᠢᠶᠠᠯ ᠪᠠᠶᠢᠳᠠᠭ᠃ ᠲᠡᠬᠦᠨ ᠳᠤ ᠴᠢᠭᠯᠡᠬᠦᠯᠤᠨ ᠨᠠᠰᠤᠳᠠᠨ ᠠᠷᠭᠠᠯ ᠤᠨ ᠭᠠᠯ ᠢᠶᠠᠷ ᠴᠠᠢ ᠴᠢᠨᠠᠵᠦ᠂ ᠰᠤᠷᠤᠭᠴᠢᠳ ᠠᠷᠤᠭ ᠰᠠᠪᠠᠷ ᠪᠠᠷᠢᠨ ᠡᠮᠡᠭᠡ ᠡᠵᠢ ᠳᠡᠭᠡᠨ ᠠᠷᠭᠠᠯ ᠲᠦᠯᠡᠰᠢ ᠶᠢ ᠨᠢ ᠤᠢᠢᠷᠠᠲᠤᠭᠤᠯᠤᠨ ᠦᠭᠴᠦ᠂ ᠴᠠᠢ ᠴᠢᠨᠠᠬᠤ ᠠᠵᠢᠯᠯᠠᠭ᠎ᠠ ᠳᠤ ᠪᠠᠶᠡᠴᠢᠯᠠᠨ ᠤᠷᠤᠯᠴᠠᠵᠤ᠂ ᠪᠦᠷ ᠬᠢᠵᠤ ᠰᠤᠷᠴᠠᠢ᠃       ᠬᠡᠷ ᠤᠨ ᠲᠤᠲᠤᠷᠠᠬᠢ ᠬᠢᠴᠢᠶᠡᠯ ᠲᠦᠷ ᠵᠠᠪᠰᠠᠷᠯᠠᠵᠤ᠂ ︽ᠠᠰᠠᠷ︾ ᠬᠤᠷᠰᠢᠶᠠᠵᠢᠯ ᠤᠨ ᠬᠠᠮᠲᠦ ᠤᠯᠠᠨ ᠠᠴᠠ ᠰᠤᠷᠭᠠᠭᠤᠯᠢ ᠶᠢᠨ ᠰᠤᠷᠤᠭᠴᠢᠳ᠂ ᠬᠡᠷ ᠤᠨ ᠠᠬᠠᠮᠠᠳ ᠲᠤ ᠱᠠᠷ ᠬᠦᠯᠯᠡᠭᠰᠠᠨ ᠮᠤᠬᠤᠯᠠᠭ ᠲᠡᠷᠬᠡ᠂ ᠨᠡᠬᠦᠳᠡᠯ ᠠᠮᠢᠲᠤᠷᠠᠯ ᠤᠨ ᠵᠠᠩ ᠵᠠᠩᠰᠢᠯ ᠢ ᠦᠵᠡᠬᠦᠯᠤᠨ᠂ ᠬᠡᠤᠬᠡᠳ ᠤᠳ ᠴᠤ ᠮᠠᠯ ᠬᠤᠢ ᠲᠠᠢ ᠤᠢᠢᠷᠠᠲᠤᠨ ᠮᠤᠷᠢ ᠤᠨᠤᠵᠤ᠂ ᠮᠤᠬᠤᠯᠠᠭ ᠲᠡᠷᠬᠡᠨ ᠳᠤ ᠰᠠᠭᠤᠵᠤ ᠨᠠᠭᠠᠳᠤᠵᠠᠭᠠᠯ᠎ᠠ᠃     ᠨᠠᠭᠠᠳᠬᠤ ᠠᠴᠠ ᠤᠢᠢᠯᠠᠭᠠᠵᠤ᠂ ᠦᠢᠯᠡᠲᠦᠯᠬᠡ ᠠᠴᠠ ᠰᠤᠷᠤᠯᠴᠠᠳᠠᠭ ᠨᠢ ᠬᠡᠤᠬᠡᠳ ᠤᠨ ᠠᠷᠠᠨᠰᠢᠨ᠃ ᠰᠤᠷᠤᠭᠴᠢᠳ ᠲᠤ ᠬᠤᠷᠠᠭ᠎ᠠ ᠢᠰᠢᠬᠡ ᠢᠮᠨᠠᠬᠦ᠂ ᠬᠤᠷᠠᠭ᠎ᠠ ᠢᠰᠢᠬᠡ ᠴᠢᠮᠬᠢᠬᠦ ︵ᠴᠠᠭᠠᠯᠠᠬᠤ︶᠎ ᠶᠢ ᠤᠢᠢᠯᠠᠭᠠᠭᠤᠯᠬᠤ ᠬᠡᠵᠦ ᠠᠶᠠᠯᠭᠤ ᠶᠢᠨ ᠠᠪᠤ ᠰᠤᠭᠠᠷ ᠡᠨᠡ ᠡᠲᠦᠷ ᠬᠤᠷᠠᠭ᠎ᠠ ᠢᠰᠢᠬᠡ ᠪᠠᠨ ᠢᠮᠨᠠᠵᠤ᠂ ᠴᠢᠮᠬᠢᠬᠦ ᠪᠠᠷ ᠲᠤᠬᠢᠷᠠᠭᠤᠯᠵᠠᠢ᠃ ᠰᠤᠭᠠᠷ ᠬᠡᠤᠬᠡᠳ ᠲᠤ ᠶᠠᠭᠤᠨ ᠳᠤ ᠬᠤᠷᠠᠭ᠎ᠠ ᠢᠰᠢᠬᠡ ᠪᠠᠨ ᠢᠮᠨᠠᠵᠤ ᠴᠢᠮᠬᠢᠬᠦ᠂ ᠶᠠᠭᠠᠬᠢᠵᠤ ᠢᠮᠨᠠᠵᠦ᠂ ᠴᠢᠮᠬᠢᠳᠡᠭ ᠵᠡᠷᠬᠡ ᠶᠢ ᠨᠠᠷᠢᠯᠢᠭ ᠲᠠᠶᠢᠯᠪᠦᠷᠢᠯᠠᠨ ᠦᠭᠬᠦ ᠶᠢᠨ ᠬᠠᠮᠲᠦ ᠪᠤᠲᠠᠲᠠᠢ ᠬᠢᠵᠦ ᠦᠵᠡᠬᠦᠯᠤᠯ᠎ᠠ᠃ ᠬᠡᠤᠬᠡᠳ ᠬᠤᠷᠠᠭ᠎ᠠ ᠢᠰᠢᠬᠡᠨ ᠤ ᠬᠠᠰᠢᠶᠠᠨ ᠳᠤ ᠤᠷᠤᠵᠤ᠂ ᠢᠮᠨᠠᠵᠦ ᠴᠢᠮᠬᠢᠵᠦ ᠬᠡᠵᠦ ᠪᠠᠶᠢᠭ᠎ᠠ ᠠᠪᠠᠭ᠎ᠠ ᠨᠠᠷ ᠲᠠᠭᠠᠨ ᠬᠤᠷᠠᠭ᠎ᠠ ᠢᠰᠢᠬᠡ ᠶᠢ ᠨᠢ ᠤᠢᠢᠷᠠᠲᠤᠭᠤᠯᠤᠨ ᠪᠠᠷᠢᠯᠴᠠᠵᠤ ᠬᠠᠪᠰᠤᠷᠤᠨ᠎ᠠ᠃ ᠬᠤᠷᠠᠭ᠎ᠠ ᠢᠰᠢᠬᠡᠨ ᠤ ᠮᠠᠶᠢᠯᠠᠭᠠᠨ ᠢᠶᠠᠷ ᠬᠦᠭ ᠡᠭᠡᠰᠢᠭᠯᠡᠬᠦᠯᠦᠨ ᠰᠤᠷᠤᠭᠴᠢᠳ ᠠᠴᠠ ᠪᠠᠭᠰᠢ᠂ ᠬᠡᠷ ᠤᠨ ᠠᠬᠠᠮᠠᠳ᠂ ᠨᠤᠲᠤᠭ ᠤᠨ ᠵᠤᠨ ᠲᠦᠮᠡᠨ ᠳᠤ ᠠᠶ᠎ᠠ ᠲᠠᠭᠤᠤ ᠂ ᠰᠢᠯᠦᠭ ᠵᠡᠷᠬᠡ ᠠᠯᠢ ᠴᠢᠳᠠᠳᠠᠭ ᠤᠷ᠎ᠠ ᠠᠪᠢᠶᠠᠰ ᠢᠶᠠᠨ ᠦᠵᠡᠬᠦᠯᠵᠦ᠂ ᠬᠤᠨᠢᠨ ᠤ ᠬᠠᠰᠢᠶᠠᠨ ᠳᠤ ᠬᠦᠷ  ᠨᠠᠷᠬᠢᠶᠠᠨ ᠢᠶᠠᠷ ᠪᠢᠯᠬᠠᠯ᠎ᠠ᠃ ᠬᠤᠨᠢ ᠬᠠᠶᠢᠴᠢᠯᠠᠬᠤ ᠲᠠᠭᠤᠨ ᠤ ᠡᠭᠡᠰᠢᠭ ᠢᠶᠠᠷ ᠬᠡᠤᠬᠡᠳ ᠤᠨ ᠬᠢᠴᠢᠶᠡᠯ ᠦᠷᠬᠦᠯᠵᠢᠯᠡᠵᠦ ᠂ ᠬᠤᠷᠠᠭ᠎ᠠ ᠬᠠᠶᠢᠴᠢᠯᠠᠬᠤ ᠵᠠᠩ ᠦᠢᠯᠡ ᠶᠢ ᠰᠤᠷᠤᠯᠴᠠᠵᠤ ᠡᠬᠢᠯᠡᠯ᠎ᠠ᠃ ᠬᠤᠷᠠᠭ᠎ᠠ ᠬᠠᠶᠢᠴᠢᠯᠠᠬᠤ ᠠᠷᠭ᠎ᠠ ᠪᠡ ᠴᠡᠬᠡᠷ ᠢ ᠠᠶᠠᠯᠭᠤ ᠶᠢᠨ ᠠᠪᠤ ᠰᠤᠭᠠᠷ ᠰᠤᠷᠤᠭᠴᠢᠳ ᠲᠤ ᠲᠠᠶᠢᠯᠪᠦᠷᠢᠯᠠᠨ ᠦᠭᠭᠦᠭᠰᠡᠨ ᠤ ᠲᠠᠷᠠᠭ᠎ᠠ ᠬᠦᠷᠦᠯᠴᠠᠨ ᠢᠷᠡᠭᠰᠡᠨ ᠬᠡᠷ ᠤᠨ ᠠᠬᠠᠮᠠᠳ ᠬᠤᠷᠠᠭ᠎ᠠ ᠬᠠᠶᠢᠴᠢᠯᠠᠬᠤ ᠤᠷᠤᠯᠲᠤᠭᠠᠨ ᠶᠠᠪᠤᠭᠳᠠᠭᠤᠯᠵᠤ᠂ ᠲᠤᠰ ᠠᠩᠬᠢ ᠶᠢᠨ ᠤᠳᠠ ᠶᠢᠨ ᠡᠵᠢ ᠲᠡᠷᠢᠬᠦᠯᠡᠵᠦ᠂ ᠤᠳᠠ᠄ ︽ᠮᠢᠨᠤ ᠡᠵᠢ ᠡᠶᠢᠮᠦ ᠬᠡᠴᠡᠬᠦᠦ ᠪᠠᠶᠢᠭᠰᠠᠨ ᠶᠤᠮ ᠤᠤ︾ ᠬᠡᠵᠦ ᠡᠵᠢ ᠪᠠᠷ ᠢᠶᠠᠨ ᠪᠠᠭ᠋ᠠᠷᠬᠠᠭᠰᠠᠨ ᠦᠨᠡᠯᠡᠯᠳᠡ ᠦᠭᠬᠦᠭᠰᠡᠨ ᠨᠢ ᠲᠡᠷᠢᠬᠦᠯᠡᠭᠰᠡᠨ ᠠᠴᠠ ᠦᠨᠲᠦᠷ ᠱᠠᠩᠨᠠᠯ ᠪᠤᠯᠵᠤ ᠲᠠᠭᠠᠷᠠᠨ᠎ᠠ᠃      ᠦᠳᠡ ᠶᠢᠨ ᠡᠮᠤᠨᠡᠬᠢ ᠠᠵᠢᠯ ᠬᠡᠤᠬᠡᠳ ᠤᠨ ᠬᠦᠷ ᠨᠡᠷᠬᠢᠶᠡᠨ ᠤ ᠲᠤᠮᠳᠠ ᠲᠡᠬᠦᠰᠴᠦ᠂ ᠦᠳᠡ ᠶᠢᠨ ᠬᠤᠭᠤᠯᠠᠨ ᠤ ᠴᠠᠭ ᠲᠤ ᠰᠤᠭᠠᠷ ᠤᠨ ᠡᠬᠡᠴᠢ ᠨᠠᠷᠠᠨᠴᠢᠮᠡᠭ ᠢᠮᠠᠭᠠᠨ ᠮᠢᠬᠠᠨ ᠤ ᠬᠤᠷᠬᠤᠭ ᠬᠢᠵᠦ ᠢᠳᠡᠬᠦᠯᠪᠡ᠃ ᠬᠤᠷᠬᠤᠭ ᠬᠢᠬᠦ ᠶᠠᠪᠤᠴᠠ ᠪᠤᠯᠤᠨ ᠠᠷᠭ᠎ᠠ ᠶᠢ ᠰᠤᠭᠠᠷ ᠤᠨ ᠡᠬᠡᠴᠢ ᠨᠠᠷᠠᠨᠴᠢᠮᠡᠭ ᠰᠤᠷᠤᠭᠴᠢᠳ ᠲᠤ ᠲᠠᠶᠢᠯᠪᠦᠷᠢᠯᠠᠨ ᠵᠢᠭᠠᠵᠤ᠂ ᠤᠯᠠᠮᠵᠢᠯᠠᠨ ᠲᠡᠯᠬᠡᠷᠡᠬᠦᠯᠬᠦ ᠶᠢᠨ ᠴᠢᠬᠤᠯᠠ ᠴᠢᠨᠠᠷ ᠢ ᠤᠬᠠᠭᠤᠯᠤᠨ ᠤᠢᠢᠯᠠᠭᠠᠭᠤᠯᠪᠠ᠃ ᠦᠳᠡ ᠶᠢᠨ ᠬᠤᠭᠤᠯᠠᠨ ᠤ ᠲᠠᠷᠠᠭ᠎ᠠ᠂ 16 ᠡᠷᠡᠭᠲᠠᠢ ᠬᠡᠤᠬᠡᠳ ᠢ ᠪᠦᠬᠡ ᠪᠠᠷᠢᠯᠲᠤᠭᠤᠯᠵᠤ᠂ ᠬᠡᠤᠬᠡᠳ ᠲᠤ ᠪᠦᠬᠡ ᠶᠢᠨ ᠰᠤᠶᠤᠯ ᠢ ᠤᠢᠢᠯᠠᠭᠠᠭᠤᠯᠬᠤ ᠶᠢᠨ ᠬᠠᠮᠲᠦ ᠤᠬᠠᠭᠠᠨ ᠰᠠᠮᠪᠠᠭ᠎ᠠ ᠶᠢ ᠨᠢ ᠰᠤᠷᠢᠵᠠᠢ᠃ ᠪᠦᠬᠡ ᠶᠢᠨ ᠤᠷᠤᠯᠲᠤᠭᠠᠨ ᠤ ᠲᠡᠬᠡᠲᠦ ᠲᠦᠷᠪᠡ ᠳᠤ ︽ᠠᠰᠠᠷ︾ ᠬᠤᠷᠰᠢᠶᠠᠵᠢᠯ ᠠᠴᠠ ᠬᠤᠷᠠᠭᠠᠨ ᠤ ᠱᠠᠩᠨᠠᠯ ᠭᠠᠷᠳᠠᠭᠤᠯᠵᠤ᠂ ᠬᠡᠤᠬᠡᠳ ᠢᠶᠠᠨ ᠤᠷᠮᠠᠰᠢᠭᠤᠯᠪᠠ᠃ ᠨᠤᠲᠤᠭ ᠤᠨ ᠢᠳᠡᠬᠡᠨ ᠢᠶᠠᠨ ᠪᠤᠯᠪᠠᠰᠤᠷᠠᠭᠤᠯᠵᠤ᠂ ᠵᠠᠬ᠎ᠠ ᠲᠡᠯᠬᠡᠬᠦᠷ ᠲᠤ ᠤᠷᠤᠭᠤᠯᠬᠤ ᠨᠢ ᠤᠲᠦᠬᠢ ᠵᠠᠮᠨᠠᠯ᠃ ᠤᠴᠢᠷ ᠨᠢ ᠴᠠᠭᠠᠨ ᠢᠳᠡᠬᠡᠨ ᠢᠶᠠᠷ ᠬᠢᠭᠰᠡᠨ ᠰᠢᠬᠢᠷ ᠠᠮᠳᠠᠲᠠᠢ ᠪᠠᠶᠢᠳᠠᠭ᠃ ᠠᠶᠠᠯᠭᠤ ᠶᠢᠨ ᠠᠪᠠᠭ᠎ᠠ ᠡᠬᠡᠴᠢ ᠨᠢ ᠦᠬᠢᠨ ᠬᠡᠤᠬᠡᠳ ᠤᠳ ᠲᠤ ᠰᠢᠬᠢᠷ ᠬᠢᠬᠦ ᠮᠡᠷᠬᠡᠵᠢᠯ ᠢ ᠵᠢᠭᠠᠭᠰᠠᠨ ᠤ ᠲᠠᠷᠠᠭ᠎ᠠ ᠬᠡᠤᠬᠡᠳ ᠤᠳ ᠰᠢᠬᠢᠷ ᠬᠢᠬᠦ ᠤᠷᠤᠯᠲᠤᠭᠠᠨ ᠶᠠᠪᠤᠭᠳᠠᠭᠤᠯᠪᠠ᠃ ᠤᠷᠤᠯᠲᠤᠭᠠᠨ ᠳᠤ ᠤᠷᠤᠯᠴᠠᠭᠰᠠᠨ ᠬᠡᠤᠬᠡᠳ ᠦᠪᠡᠷ ᠤᠨ ᠭᠠᠷ ᠢᠶᠠᠷ ᠬᠢᠭᠰᠡᠨ ᠰᠢᠬᠢᠷ ᠢᠶᠠᠨ ᠢᠳᠡᠵᠦ᠂ ᠱᠠᠩᠨᠠᠯ ᠳᠤ ᠤᠯᠤᠭᠰᠠᠨ ᠰᠢᠬᠢᠷ ᠢᠶᠠᠨ ᠬᠡᠷ ᠤᠨ ᠠᠬᠠᠮᠠᠳ ᠲᠠᠭᠠᠨ ᠠᠮᠰᠠᠭᠤᠯᠵᠤ ᠪᠠᠶᠠᠰᠬᠠᠨ᠎ᠠ᠃     ᠠᠰ ᠤᠨ ᠭᠤᠷᠤᠬᠠᠨ ᠤ ᠤᠷᠤᠰᠬᠠᠯ ᠨᠠᠷᠢᠬᠠᠨ ᠪᠤᠯᠪᠠᠴᠤ ᠳᠠᠰᠤᠷᠠᠰᠢ ᠦᠬᠡᠢ ᠶᠢᠨ ᠠᠳᠠᠯᠢ ᠦᠨᠳᠦᠰᠦᠳᠡᠨ ᠤ ᠦᠪ ᠰᠤᠶᠤᠯ ᠢᠶᠠᠨ ᠳᠠᠰᠤᠯᠳᠠᠭᠤᠯᠤᠯ ᠦᠬᠡᠢ ᠪᠠᠷ ᠦᠷ᠎ᠡ ᠬᠡᠤᠬᠡᠳ ᠲᠡᠭᠡᠨ ᠤᠯᠠᠮᠵᠢᠯᠠᠬᠤ ᠶᠢ ᠵᠤᠷᠢᠭᠰᠠᠨ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠪᠠᠭ᠎ᠠ ᠰᠤᠷᠭᠠᠭᠤᠯᠢ ᠶᠢᠨ ᠦᠢᠯᠡᠲᠦᠯᠬᠡ ᠳᠤ ᠤᠷᠤᠯᠴᠠᠬᠤ ᠤᠴᠢᠷ ᠤᠳᠬ᠎ᠠ ᠲᠠᠢ ᠠᠵᠢᠯᠯᠠᠭ᠎ᠠ ᠳᠦᠯ ᠤᠨ ᠳᠠᠭᠤᠨ᠂ ᠭᠡᠦᠭᠡᠳ ᠤᠨ ᠢᠨᠢᠶᠡᠳᠦ ᠪᠠᠶᠠᠰᠤᠯ ᠤᠨ ᠳᠤᠮᠳᠠ ᠮᠠᠯᠴᠢᠨ ᠠᠶᠢᠯ ᠳᠤ ᠬᠦᠷ ᠬᠦᠭᠵᠢᠶᠡᠨ ᠲᠠᠢ ᠶᠠᠪᠤᠭᠳᠠᠨ᠂ ᠰᠤᠷᠤᠭᠴᠢᠳ᠂ ᠪᠠᠭᠰᠢᠨᠠᠷ᠂ ᠬᠡᠷ ᠤᠨ ᠠᠬᠠᠮᠠᠳ ᠤᠨ ᠦᠨᠲᠦᠷ ᠦᠨᠡᠯᠡᠯᠳᠡ ᠲᠠᠢ ᠪᠠᠷ ᠦᠨᠲᠦᠷᠯᠡᠵᠤ᠂ ᠪᠠᠶᠠᠨᠴᠠᠭᠠᠠ ᠠᠭᠤᠯᠠᠨ ᠤ ᠠᠷᠤ ᠪᠠᠷ ᠨᠠᠷᠠ ᠪᠠᠷᠠᠭᠤᠨᠰᠢ ᠲᠠᠰᠢᠬᠤ ᠳᠤ ᠰᠤᠷᠭᠠᠭᠤᠯᠢ ᠶᠢᠨ ᠲᠡᠷᠬᠡ ᠪᠤᠴᠠᠬᠤ ᠵᠠᠮ ᠢᠶᠠᠨ ᠡᠯᠬᠦᠯ᠎ᠠ᠃
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号