ᠰᠢᠨ᠎ᠡ ᠪᠠᠷᠭᠤ ᠵᠡᠬᠦᠨ ᠬᠤᠰᠢᠭᠤ ᠲᠦᠷᠦ ᠬᠠᠣᠯᠢ ᠶᠢᠨ ᠰᠢᠰᠲ᠋ᠧᠮ ᠤᠨ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ  ᠭᠦᠨᠵᠡᠭᠡᠶᠢᠷᠡᠭᠦᠯᠬᠦ ᠲᠠᠶᠢᠴᠢᠯᠠᠯᠳᠡ ᠶᠢᠨ ᠬᠤᠷᠠᠯ ᠬᠤᠷᠠᠯᠳᠣᠭᠤᠯᠣᠭᠰᠡᠨ
ᠨᠡᠶᠢᠲᠡᠯᠡᠭᠰᠡᠨ ᠴᠠᠭ᠄
2018-06-15
    6 ᠳ᠋ᠣᠭᠠᠷ ᠰᠠᠷ᠎ᠠ ᠶᠢᠨ14᠎ ᠤ ᠡᠳᠣᠷ᠂ ᠰᠢᠨ᠎ᠡ ᠪᠠᠷᠭᠤ ᠵᠡᠬᠦᠨ ᠬᠤᠰᠢᠭᠤᠨ ᠤ ᠲᠦᠷᠦ ᠬᠠᠣᠯᠢ ᠶᠢᠨ ᠰᠢᠰᠲ᠋ᠧᠮ ᠎ ᠤᠨ ︽ᠭᠤᠷᠪᠠᠨ ᠲᠠᠷᠤᠭ᠎ᠠ ᠨᠢᠭᠡ ᠬᠠᠣᠯᠢᠴᠢ︾ ᠭᠠᠴᠠᠭ᠎ᠠ ᠨᠡᠶᠢᠭᠡᠮ ᠲᠣᠭᠤᠷᠢᠭ ᠲᠤ ᠭᠦᠨᠵᠡᠭᠡᠶᠢᠷᠡᠭᠦᠯᠬᠦ ᠲᠠᠶᠢᠴᠢᠯᠠᠯᠳᠡ ᠶᠢᠨ ᠬᠤᠷᠠᠯ  ᠬᠤᠷᠠᠯᠳᠣᠭᠤᠯᠵᠦ᠂ ᠬᠤᠰᠢᠭᠤ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠬᠦᠨ᠂ ᠲᠦᠷᠦ ᠬᠠᠣᠯᠢ ᠶᠢᠨ ᠵᠦᠪᠯᠡᠯ ᠤᠨ ᠱᠦᠵᠢ ᠴᠢ ᠱᠠᠨ ᠵᠢᠶᠠᠨ᠂ ᠲᠦᠷᠦ ᠬᠠᠣᠯᠢ ᠶᠢᠨ ᠡᠯ᠎ᠡ  ᠪᠠᠶᠢᠭᠤᠯᠣᠯᠭ᠎ᠠ ᠨᠢᠭᠡᠴᠡ ᠎ ᠶᠢᠨ ᠭᠤᠣᠯ ᠪᠣᠯᠬᠤ ᠣᠳᠣᠷᠢᠳᠣᠯᠭ᠎ᠠ᠂ ᠨᠠᠮ ᠤᠨ ᠲᠣᠭᠤᠶᠢᠯᠠᠩ ᠤᠨ ᠭᠡᠰᠢᠭᠦᠳ  ᠵᠡᠷᠭᠡ120 ᠭᠠᠷᠣᠢ ᠺᠠᠳ᠋ᠷ ᠠᠵᠢᠯᠳᠡᠳ ᠬᠤᠷᠠᠯ  ᠎ ᠳᠤ ᠣᠷᠣᠯᠴᠡᠵᠡᠢ᠃
    ᠬᠤᠷᠠᠯ ᠲᠡᠭᠡᠷ᠎ᠡ᠂  ︽ᠰᠢᠨ᠎ᠡ ᠪᠠᠷᠭᠤ ᠵᠡᠬᠦᠨ ᠬᠤᠰᠢᠭᠤᠨ ᠤ ᠲᠦᠷᠦ ᠬᠠᠣᠯᠢ ᠵᠢᠨ‌‍ᠰᠢᠰᠲ᠋ᠧᠮ ᠤᠨ ﹇ᠠᠷᠠᠳ ᠲᠦᠮᠡᠨ ᠢᠶᠠᠷ ᠭᠤᠣᠯᠳᠠᠯᠭ᠎ᠠ ᠪᠣᠯᠭᠠᠬᠤ﹈ ᠭᠦᠭᠵᠢᠯᠳᠡ ᠶᠢᠨ ᠰᠡᠳᠬᠢᠴᠡ ᠶᠢ ᠨᠠᠶᠢᠳᠠᠪᠣᠷᠢᠵᠢᠭᠤᠯᠣᠨ᠂  ᠣᠯᠠᠨ ᠲᠦᠮᠡᠨ ᠲᠠᠢ ᠬᠠᠷᠢᠯᠴᠠᠬᠤ ᠪᠠᠶᠢᠭᠤᠯᠣᠮᠵᠢ ᠶᠢ ᠲᠡᠭᠦᠯᠳᠡᠷᠵᠢᠬᠦᠯᠵᠦ᠂ ᠣᠯᠠᠨ ᠲᠦᠮᠡᠨ ᠳᠤ ᠦᠢᠯᠡᠴᠢᠯᠡᠬᠦ ᠠᠵᠢᠯ ᠤᠨ ᠠᠷᠭ᠎ᠠ ᠠᠪᠴᠡᠯ︾ ᠪᠠ ︽ᠰᠢᠨ᠎ᠡ ᠪᠠᠷᠭᠤ ᠵᠡᠬᠦᠨ ᠬᠤᠰᠢᠭᠤᠨ ᠤ ᠲᠦᠷᠦ ᠬᠠᠣᠯᠢ ᠶᠢᠨ ᠰᠢᠰᠲ᠋ᠧᠮ ᠤᠨ  ﹇ᠭᠤᠷᠪᠠᠨ ᠲᠠᠷᠤᠭ᠎ᠠ ᠨᠢᠭᠡ ᠬᠠᠣᠯᠢᠴᠢ  ﹈  ᠎ ᠶᠢᠨ ᠦᠨᠳᠦᠰᠦᠨ ᠱᠠᠳᠣᠨ ᠤ ᠬᠠᠷᠢᠯᠴᠠᠬᠤ ᠲᠦᠷᠢᠮ︾ ᠵᠡᠷᠭᠡ ᠶᠢ ᠣᠡᠭᠰᠢᠨ ᠨᠡᠶᠢᠳᠡᠯᠡᠵᠦ᠂ ᠬᠤᠰᠢᠭᠤᠨ ᠤ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶᠠᠨ ᠠᠴᠠ ᠲᠣᠰ ᠲᠣᠰ 2018 ᠣᠨ ᠤ ᠲᠡᠭᠡᠷ᠎ᠡ ᠬᠠᠭᠠᠰ ᠵᠢᠯ ᠤᠨ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ ᠭᠦᠨᠵᠡᠭᠡᠶᠢᠷᠡᠭᠦᠯᠬᠦ ᠠᠵᠢᠯ ᠤᠨ ᠬᠠᠷᠢᠭᠤ ᠮᠡᠳᠡᠬᠦᠯᠦᠯᠳᠡ ᠬᠢᠭᠰᠡᠨ ᠪᠠᠶᠢᠨ᠎ᠠ᠃
    ᠴᠢ ᠱᠠᠨ ᠵᠢᠶᠠᠨ ᠶᠠᠷᠢᠶ᠎ᠠ ᠲᠠᠯᠪᠢᠨ ᠱᠠᠭᠠᠷᠳᠠᠬᠤ ᠳᠠᠭᠠᠨ᠄ ᠨᠢᠭᠡ ᠳᠤ᠂  ﹇ᠠᠷᠠᠳ ᠲᠦᠮᠡᠨ ᠢᠶᠠᠷ ᠭᠤᠣᠯᠳᠠᠯᠭ᠎ᠠ ᠪᠣᠯᠭᠠᠬᠤ﹈ ᠭᠦᠭᠵᠢᠯᠳᠡ ᠶᠢᠨ ᠰᠡᠳᠬᠢᠴᠡ ᠶᠢᠨ ᠲᠠᠯ᠎ᠠ ᠪᠠᠷ ᠬᠢ ᠣᠶᠢᠯᠭᠠᠯᠳᠡ ᠪᠨ ᠴᠢᠩᠭᠠᠳᠬᠠᠵᠦ᠂ ︽ᠭᠤᠷᠪᠠᠨ ᠲᠠᠷᠤᠭ᠎ᠠ ᠨᠢᠭᠡ ᠬᠠᠣᠯᠢᠴᠢ︾ ᠵᠢᠨ‌ᠦᠨᠳᠦᠰᠦᠨ ᠱᠠᠳᠣᠨ ᠤ ᠬᠠᠷᠢᠯᠴᠠᠬᠤ ᠲᠦᠷᠢᠮ  ᠎ ᠢ  ᠪᠣᠳᠠᠳᠠᠢ ᠳᠤ  ᠨᠠᠶᠢᠳᠠᠪᠣᠷᠢᠵᠢᠭᠤᠯᠬᠤ ᠭᠡᠷᠡᠭᠳᠡᠢ᠃ ᠮᠠᠨ ᠤ ᠬᠤᠰᠢᠭᠤ  ᠲᠦᠷᠦ ᠬᠠᠣᠯᠢ ᠶᠢᠨ ᠪᠠᠶᠢᠭᠤᠯᠣᠯᠭ᠎ᠠ ᠨᠢᠭᠡᠴᠡ ᠶᠢᠨ155 ᠨᠡᠷᠡᠰ ᠰᠢᠯᠢᠳᠡᠭ ᠰᠢᠭᠦᠭᠴᠢ᠂ ᠪᠠᠶᠢᠴᠠᠭᠠᠭᠴᠢ᠂ ᠴᠠᠭᠳᠠᠭ᠎ᠠ ᠪᠠ ᠬᠠᠣᠯᠢᠴᠢ ᠶᠢ ᠰᠣᠩᠭᠤᠨ᠂ ᠪᠦᠬᠦ ᠬᠤᠰᠢᠭᠤᠨ ᠤ 55 ᠭᠠᠴᠠᠭ᠎ᠠ ᠪᠠ 9 ᠨᠡᠶᠢᠭᠡᠮ ᠲᠣᠭᠤᠷᠢᠭ ᠲᠤ ᠬᠤᠪᠢᠶᠠᠨ ᠲᠣᠮᠢᠯᠠᠵᠦ᠂  ᠭᠠᠴᠠᠭ᠎ᠠ ᠪᠦᠷᠢ ᠳᠤ ᠬᠤᠶᠠᠷ ᠨᠡᠷᠡᠰ ᠴᠠᠭᠳᠠᠭ᠎ᠠ ᠪᠠᠶᠢᠬᠤ ᠶᠢ ᠪᠠᠳᠣᠯᠠᠵᠦ ᠴᠢᠳᠠᠭᠰᠡᠨ ᠪᠠᠶᠢᠨ᠎ᠠ᠃ ᠡᠬᠦᠨ ᠢᠶᠠᠷ ᠪᠠᠷᠠᠬᠤ ᠦᠭᠡᠢ ᠡᠯ᠎ᠡ ᠪᠠᠶᠢᠭᠤᠯᠣᠯᠭ᠎ᠠ ᠨᠢᠭᠡᠴᠡ ᠨᠢ ᠲᠣᠰ ᠠᠵᠢᠯ ᠢ ᠦᠨᠳᠦᠷ ᠭᠡᠮᠵᠢᠶᠡᠨ ᠳᠤ ᠴᠢᠬᠤᠯᠴᠢᠯᠠᠨ ᠦᠵᠡᠵᠦ᠂  ᠨᠠᠷᠢᠨ ᠬᠢᠨᠠᠮᠭᠠᠢ ᠵᠣᠬᠢᠶᠠᠨ ᠪᠠᠶᠢᠭᠤᠯᠵᠦ᠂ ᠡᠮᠬᠢ ᠴᠢᠭᠴᠡ ᠲᠠᠢ ᠠᠬᠢᠭᠤᠯᠣᠨ ᠭᠡᠷᠡᠭᠵᠢᠬᠦᠯᠦᠭᠰᠡᠨ ᠠᠴᠠ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ ᠭᠦᠨᠵᠡᠭᠡᠶᠢᠷᠡᠭᠦᠯᠬᠦ ᠠᠵᠢᠯ  ᠦᠨᠳᠦᠰᠦᠨ ᠱᠠᠳᠣᠨ ᠳᠤ ᠣᠷᠣᠭᠰᠢᠳᠠᠢ ᠭᠡᠷᠡᠭᠵᠢᠬᠦᠯᠦᠭᠳᠡᠭᠰᠡᠨ ᠪᠠᠶᠢᠨ᠎ᠠ᠃ ᠬᠤᠶᠠᠷ ᠲᠤ᠂ ᠭᠤᠣᠯᠳᠠᠯᠭ᠎ᠠ ᠶᠢ ᠠᠳᠬᠤᠨ᠂ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ ᠭᠦᠨᠵᠡᠭᠡᠶᠢᠷᠡᠭᠦᠯᠬᠦ ᠠᠵᠢᠯ ᠤᠨ ᠭᠦᠨᠵᠡᠭᠡᠢ ᠶᠠᠪᠣᠭᠳᠠᠬᠤ ᠶᠢ ᠪᠠᠳᠣᠯᠠᠬᠤ ᠭᠡᠷᠡᠭᠳᠡᠢ᠃ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ ᠭᠦᠨᠵᠡᠭᠡᠶᠢᠷᠡᠭᠦᠯᠬᠦ ᠪᠣᠯ ᠰᠢᠨ᠎ᠡ ᠴᠠᠭ ᠡᠷᠢᠨ ᠤ ᠦᠷᠭᠡᠨ ᠣᠯᠠᠨ ᠠᠷᠠᠳ ᠲᠦᠮᠡᠨ ᠤ ᠭᠦᠰᠡᠯ ᠱᠠᠭᠠᠷᠳᠠᠯᠭ᠎ᠠ ᠶᠢᠨ ᠵᠢᠯᠣᠭᠤᠳᠣᠮᠵᠢ᠂ ᠦᠷᠭᠡᠨ ᠭᠡᠪᠴᠢᠶ᠎ᠠ᠂ ᠦᠨᠳᠦᠷ ᠦᠷ᠎ᠡ ᠠᠰᠢᠭ ᠪᠦᠬᠦᠢ ᠬᠠᠣᠯᠢ ᠴᠠᠭᠠᠵᠠ ᠶᠢᠨ ᠣᠬᠠᠭᠤᠯᠭ᠎ᠠ ᠪᠠ ᠬᠠᠣᠯᠢ ᠴᠠᠭᠠᠵᠠ ᠶᠢᠨ ᠦᠢᠯᠡᠴᠢᠯᠡᠭᠡ ᠶᠢ ᠦᠷᠨᠢᠬᠦᠯᠵᠦ᠂  ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭᠠᠨ ᠎ ᠤ ᠬᠠᠣᠯᠢ ᠴᠠᠭᠠᠵᠠ ᠶᠢᠨ ᠵᠦᠪᠯᠡᠭᠴᠢ᠂ ᠮᠠᠯᠴᠢᠨ ᠲᠦᠮᠡᠨ ᠤ ﹇ ᠭᠡᠷ ᠪᠦᠯᠢ ᠶᠢᠨ ᠬᠠᠣᠯᠢᠴᠢ﹈ ᠪᠣᠯᠭᠠᠨ ᠲᠦᠭᠡᠮᠵᠢᠬᠦᠯᠦᠨ᠂ ︽ᠭᠤᠷᠪᠠᠨ ᠲᠠᠷᠤᠭ᠎ᠠ ᠨᠢᠭᠡ ᠬᠠᠣᠯᠢᠴᠢ︾ ᠨᠢᠭᠡᠪᠦᠷᠢ ᠨᠢ ᠣᠯᠣᠰ ᠤᠨ ᠲᠦᠷᠦ ᠶᠢᠨ ᠪᠣᠳᠣᠯᠭ᠎ᠠ᠂ ᠬᠠᠣᠯᠢ ᠲᠦᠷᠢᠮ ᠤᠨ ᠣᠬᠠᠭᠤᠯᠣᠭᠴᠢ᠂ ᠭᠡᠷᠡᠭᠦᠯ ᠵᠢᠭᠤᠷᠭᠠᠨ ᠤ ᠡᠶᠡᠳᠡᠬᠦᠯᠦᠭᠴᠢ᠂ ᠨᠡᠶᠢᠭᠡᠮ ᠤᠨ ᠠᠮᠣᠷ ᠲᠣᠭᠳᠠᠭᠤᠨ ᠤ  ᠪᠠᠶᠢᠴᠠᠭᠠᠭᠴᠢ  ᠪᠠ ᠠᠷᠠᠳ ᠤᠨ ᠭᠦᠰᠡᠯ ᠵᠣᠷᠢᠯᠳᠡ ᠶᠢᠨ ᠣᠯᠠᠮᠵᠢᠯᠠᠭᠴᠢ ᠪᠣᠯᠬᠤ ᠪᠠᠷ ᠴᠢᠷᠮᠠᠶᠢᠬᠤ ᠭᠡᠷᠡᠭᠳᠡᠢ᠃ ᠨᠠᠩ ᠢᠯᠡᠩᠭᠤᠶ᠎ᠠ ᠮᠠᠨ ᠤ ᠬᠤᠰᠢᠭᠤᠨ ᠤ ᠭᠤᠣᠯ ᠠᠰᠠᠭᠤᠳᠠᠯ ᠪᠣᠯᠬᠤ  ᠠᠷᠠᠳ ᠤᠨ ᠲᠣᠮᠳᠠᠬᠢ ᠦᠨᠳᠣᠷ ᠭᠦᠦ ᠲᠠᠢ ᠵᠢᠭᠡᠯᠯᠡᠭᠡ ᠪᠠ ᠮᠦᠡᠭᠭᠦᠨ  ᠭᠦᠢᠯᠡᠯᠭᠡᠭᠡᠨ ᠤ ᠠᠰᠠᠭᠤᠳᠠᠯ ᠤᠨ ᠲᠠᠯ᠎ᠠ ᠪᠠᠷ ᠬᠢ ᠬᠠᠣᠯᠢ ᠶᠢᠨ ᠵᠦᠪᠯᠡᠯᠡᠭᠡ ᠪᠠ ᠵᠢᠯᠣᠭᠤᠳᠣᠮᠵᠢ ᠪᠠᠨ ᠴᠢᠩᠭᠠᠳᠬᠠᠵᠦ᠂ ᠮᠦᠡᠭᠭᠦᠨ ᠬᠦᠢᠯᠡᠯᠭᠡᠨ ᠤ ᠲᠦᠭᠰᠢᠬᠦᠷᠢ ᠠᠴᠠ ᠠᠪᠣᠷᠠᠬᠤ ᠠᠵᠢᠯ ᠳᠤ ᠢᠳᠡᠪᠬᠢᠳᠡᠢ ᠣᠷᠣᠯᠴᠠᠨ᠂ ᠦᠨᠳᠦᠰᠦᠨ ᠱᠠᠳᠣᠨ ᠳᠤ ᠢᠯᠡᠷᠡᠭᠰᠡᠨ ᠬᠠᠷ᠎ᠠ ᠪᠦᠯᠦᠭᠳᠡᠨ ᠵᠡᠷᠭᠡ ᠶᠠᠯᠠᠳᠦ ᠡᠳᠡᠭᠡᠳ ᠲᠤ ᠴᠣᠬᠢᠯᠳᠡ ᠦᠭᠴᠦ᠂ ᠦᠷᠭᠡᠨ ᠣᠯᠠᠨ ᠦᠨᠳᠦᠰᠦᠨ ᠱᠠᠳᠣᠨ ᠤ ᠮᠠᠯᠴᠢᠨ ᠲᠦᠮᠡᠨ ᠤ ᠠᠰᠢᠭ ᠲᠣᠰᠠ ᠎ ᠳᠤ ᠬᠠᠯᠳᠠᠭᠰᠡᠨ ᠬᠠᠣᠯᠢ ᠪᠣᠰᠦ ᠠᠵᠢᠯᠯᠠᠭ᠎ᠠ ᠶᠢ ᠡᠷᠡᠰ ᠬᠤᠷᠢᠭᠯᠠᠨ᠂ ᠦᠨᠳᠦᠰᠦᠨ ᠱᠠᠳᠣᠨ ᠤ ᠨᠡᠶᠢᠭᠡᠮ ᠤᠨ ᠠᠮᠣᠷ ᠲᠣᠭᠳᠠᠭᠤᠨ ᠢ ᠦᠨᠡᠨᠬᠦ ᠪᠠᠳᠣᠯᠠᠬᠤ ᠭᠡᠷᠡᠭᠳᠡᠢ᠃ ︽ᠭᠤᠷᠪᠠᠨ ᠲᠠᠷᠤᠭ᠎ᠠ ᠨᠢᠭᠡ ᠬᠠᠣᠯᠢᠴᠢ︾᠎ ᠤᠨ ᠦᠨᠳᠦᠰᠦᠨ ᠱᠠᠳᠣᠨ ᠳᠤ  ᠭᠦᠨᠵᠡᠭᠡᠶᠢᠷᠡᠬᠦ ᠠᠵᠢᠯ ᠢᠶᠠᠷ ᠲᠣᠬᠢᠶᠠᠯ ᠪᠣᠯᠭᠠᠨ᠂ ᠨᠢᠭᠡᠨ ᠦᠨᠳᠦᠷ ᠣᠯᠣᠰ ᠲᠦᠷᠦᠴᠢ ᠦᠵᠡᠯ ᠲᠠᠢ᠂ ᠲᠣᠰᠬᠠᠢ ᠮᠡᠷᠭᠡᠰᠢᠭᠰᠡᠨ ᠬᠠᠣᠯᠢ ᠴᠠᠭᠠᠵᠠ ᠶᠢᠨ ᠡᠩᠨᠡᠭᠡ ᠶᠢ ᠪᠠᠶᠢᠭᠤᠯᠵᠦ᠂ ᠰᠢᠨ᠎ᠡ ᠴᠠᠭ ᠡᠷᠢᠨ ᠤ ᠲᠦᠷᠦ ᠬᠠᠣᠯᠢ ᠎ ᠶᠢᠨ ᠠᠵᠢᠯ ᠤᠨ ᠱᠠᠭᠠᠷᠳᠠᠯᠭ᠎ᠠ ᠳᠤ ᠵᠣᠬᠢᠴᠠᠬᠤ ᠭᠡᠷᠡᠭᠳᠡᠢ᠃ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ  ᠭᠦᠨᠵᠡᠭᠡᠶᠢᠷᠡᠭᠦᠯᠬᠦ ᠨᠢ ᠺᠠᠳ᠋ᠷ ᠴᠠᠭᠳᠠᠭᠠᠨ ᠤ ᠨᠡᠶᠢᠭᠡᠮ ᠤᠨ ᠭᠤᠣᠯ ᠵᠦᠷᠢᠴᠡᠯ ᠎ ᠲᠠᠢ ᠵᠣᠬᠢᠴᠠᠯᠳᠣᠨ᠂ ᠠᠷᠠᠳ ᠲᠦᠮᠡᠨ ᠤ  ᠡᠳᠣᠷ ᠢᠷᠡᠭᠦᠶ᠎ᠡ  ᠨᠡᠮᠡᠭᠳᠡᠵᠦ ᠪᠠᠶᠢᠭ᠎ᠠ‌ᠠᠷᠠᠳᠴᠢᠯᠠᠯ᠂ ᠬᠠᠣᠯᠢ ᠴᠠᠭᠠᠵᠠ᠂ ᠡᠷᠭᠡ ᠲᠡᠭᠰᠢ᠂ ᠰᠢᠳᠣᠷᠭᠤ ᠶᠣᠰᠣᠨ᠂ ᠠᠮᠣᠷ ᠲᠦᠪᠰᠢᠨ᠂ ᠣᠷᠴᠢᠨ ᠲᠣᠭᠤᠷᠢᠨ ᠵᠡᠷᠭᠡ ᠲᠠᠯ᠎ᠠ ᠶᠢᠨ ᠭᠦᠰᠡᠯ ᠱᠠᠭᠠᠯᠳᠠᠯᠭ᠎ᠠ ᠶᠢ ᠬᠠᠨᠭ᠍ᠭᠠᠨ᠂ ᠲᠦᠷᠦ ᠬᠠᠣᠯᠢ ᠶᠢᠨ ᠠᠵᠢᠯ ᠢ  ᠦᠨᠡᠨᠬᠦ ᠠᠷᠠᠳ ᠲᠦᠮᠡᠨ ᠤ ᠲᠣᠮᠳᠠ ᠭᠦᠷᠭᠡᠭᠦ ᠶᠢ ᠠᠬᠢᠭᠤᠯᠵᠦ ᠪᠠᠶᠢᠨ᠎ᠠ᠃ ᠲᠦᠷᠪᠡ ᠳᠤ᠂ ᠡᠯ᠎ᠡ ᠬᠠᠮᠢᠥᠶ᠎ᠠ ᠪᠦᠬᠦᠢ ᠪᠠᠶᠢᠭᠤᠯᠯᠤᠭ᠎ᠠ ᠨᠢᠭᠡᠴᠡ ᠨᠢ ᠭᠤᠣᠯ ᠴᠣᠭᠴᠡ ᠶᠢᠨ ᠦᠢᠯᠳᠦᠯ ᠢᠶᠠᠨ ᠪᠠᠳᠣᠷᠠᠭᠤᠯᠣᠨ᠂  ᠪᠦᠬᠦ ᠲᠠᠯ᠎ᠠ ᠳᠤ ᠦᠢᠯᠡᠴᠢᠯᠡᠬᠦ ᠦᠨᠳᠦᠷ ᠬᠠᠷᠠᠭᠠᠰᠦ ᠠᠴᠠ ᠲᠣᠰ ᠠᠵᠢᠯ ᠤᠨ ᠡᠭᠦᠷᠭᠡ ᠶᠢ  ᠪᠡᠶᠡᠯᠡᠬᠦᠯᠦᠨ᠂ ᠰᠠᠬᠢᠯᠭ᠎ᠠ ᠪᠠᠳᠦ ᠶᠢ ᠴᠢᠩᠭ᠎ᠠ ᠰᠠᠬᠢᠨ᠂ ᠪᠣᠳᠠᠳᠠᠢ ᠠᠵᠢᠯ ᠤᠨ ᠰᠣᠷᠳᠠᠯ ᠢᠶᠠᠷ ᠣᠯᠠᠨ ᠲᠦᠮᠡᠨ ᠤ ᠢᠳᠡᠭᠡᠯ ᠨᠠᠶᠢᠳᠠᠪᠣᠷᠢ ᠣᠯᠵᠦ᠃ ᠵᠣᠬᠢᠶᠠᠨ ᠪᠠᠶᠢᠭᠤᠯᠣᠨ ᠣᠳᠣᠷᠢᠳᠣᠯᠭ᠎ᠠ ᠪᠠᠨ ᠴᠢᠩᠭᠠᠳᠬᠠᠵᠦ᠂ ︽ᠭᠤᠷᠪᠠᠨ ᠲᠠᠷᠤᠭ᠎ᠠ ᠨᠢᠭᠡ ᠬᠠᠣᠯᠢᠴᠢ︾᠎ ᠶᠢ ᠭᠠᠴᠠᠭ᠎ᠠ ᠨᠡᠶᠢᠭᠡᠮ ᠲᠣᠭᠤᠷᠢᠭ ᠲᠤ  ᠭᠦᠨᠵᠡᠭᠡᠶᠢᠷᠡᠭᠦᠯᠬᠦ ᠠᠵᠢᠯ ᠤᠨ ᠦᠨᠡᠨᠬᠦ ᠦᠡᠷ᠎ᠡ ᠠᠰᠢᠭ ᠣᠯᠬᠤ ᠶᠢ ᠪᠠᠳᠣᠯᠬᠤ ᠭᠡᠷᠡᠭᠳᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号