ᠴᠠᠭᠠᠨ ᠪᠠᠯᠭᠠᠰᠤ 2022 ᠣᠨ ᠤ ᠳᠠᠬᠢᠨ ᠶᠠᠳᠠᠭᠤᠷᠠᠬᠤ ᠶᠢ ᠰᠡᠷᠭᠡᠶᠢᠯᠡᠬᠦ ᠬᠢᠨᠠᠨ ᠰᠢᠯᠭᠠᠬᠤ ᠡᠷᠦᠬᠡ ᠶᠢᠨ ᠤᠷ᠎ᠠ ᠴᠢᠳᠠᠪᠤᠷᠢ ᠶᠢᠨ ᠪᠣᠯᠪᠠᠰᠤᠷᠠᠯ ᠢ ᠥᠷᠨᠢᠭᠦᠯᠪᠡ
ᠨᠡᠶᠢᠲᠡᠯᠡᠭᠰᠡᠨ ᠴᠠᠭ᠄
2022/11/28
       ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ ᠪᠦᠲᠦᠮᠵᠢᠲᠡᠢ ᠵᠣᠯᠭᠠᠭᠤᠯᠵᠤ᠂ ᠶᠠᠳᠠᠭᠤ ᠠᠴᠠ ᠠᠩᠭᠢᠵᠢᠷᠠᠭᠤᠯᠬᠤ ᠡᠷᠦᠭᠡ ︵ᠬᠢᠨᠠᠨ ᠰᠢᠯᠭᠠᠬᠤ ᠡᠷᠦᠭᠡ︶᠎ ᠶᠢᠨ ᠠᠵᠢᠯ ᠣᠯᠬᠤ ᠪᠠ ᠦᠢᠯᠡᠰ ᠪᠣᠰᠬᠠᠬᠤ ᠴᠢᠳᠠᠪᠤᠷᠢ ᠶᠢ ᠴᠢᠩᠭᠠᠳᠬᠠᠵᠤ᠂ ᠳᠣᠲᠣᠭᠠᠳᠤ ᠶᠢᠨ ᠬᠥᠳᠡᠯᠭᠡᠭᠦ ᠬᠦᠴᠦᠨ ᠢ ᠦᠨᠡᠨᠬᠦ ᠬᠥᠭᠵᠢᠭᠡᠵᠦ᠂ ᠣᠷᠣᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠢ ᠥᠷᠭᠡᠳᠬᠡᠵᠦ᠂ ᠬᠡᠪᠴᠢᠶᠡᠵᠢᠭᠰᠡᠨ ᠴᠢᠨᠠᠷᠲᠠᠢ ᠲᠠᠬᠢᠨ ᠶᠠᠳᠠᠭᠤᠷᠠᠬᠤ ᠶᠢ ᠰᠡᠷᠭᠡᠶᠢᠯᠡᠬᠦ ᠬᠤᠷᠢᠭ᠎ᠠ ᠱᠤᠭᠤᠮ ᠢ ᠡᠷᠡᠰ ᠰᠠᠬᠢᠬᠤ ᠶᠢ  ᠪᠠᠳᠣᠯᠠᠬᠤ ᠶᠢᠨ ᠲᠦᠯᠦᠭᠡ᠂ 2022 ᠣᠨ ᠤ 11 ᠰᠠᠷ᠎ᠠ ᠶᠢᠨ 23᠎ ᠤ ᠡᠳᠦᠷ᠂ ᠴᠠᠭᠠᠨ ᠪᠠᠯᠭᠠᠰᠤ 2022 ᠣᠨ ᠤ  ᠳᠠᠬᠢᠨ ᠶᠠᠳᠠᠭᠤᠷᠠᠬᠤ ᠶᠢ ᠰᠡᠷᠭᠡᠶᠢᠯᠡᠬᠦ ᠬᠢᠨᠠᠨ ᠰᠢᠯᠭᠠᠬᠤ ᠡᠷᠦᠬᠡ ᠶᠢᠨ ᠤᠷ᠎ᠠ ᠴᠢᠳᠠᠪᠤᠷᠢ ᠶᠢᠨ  ᠪᠣᠯᠪᠠᠰᠣᠷᠠᠯ  ᠢ ᠦᠷᠨᠢᠭᠦᠯᠪᠡ᠂ ᠪᠣᠯᠪᠠᠰᠣᠷᠠᠯ ᠳᠤ ᠬᠥᠯᠥᠨ ᠪᠤᠶᠢᠷ ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠰᠤᠳᠤᠯᠭᠠᠨ ᠤ ᠭᠠᠵᠠᠷ ᠤᠨ ᠲᠤᠰᠬᠠᠢ ᠮᠡᠷᠭᠡᠵᠢᠯᠲᠡᠨ ᠠᠴᠠ ᠬᠢᠴᠢᠶᠡᠯ ᠣᠷᠣᠪᠠ᠃ ᠪᠠᠯᠭᠠᠰᠤᠨ ᠤ ᠵᠠᠰᠠᠭ ᠤᠨ ᠣᠷᠳᠣᠨ ᠤ ᠬᠤᠪᠢᠳᠠᠨ ᠬᠠᠮᠢᠶᠠᠷᠴᠤ ᠪᠦᠬᠦᠢ ᠤᠳᠤᠷᠢᠳᠤᠯᠭ᠎ᠠ᠂ ᠭᠠᠴᠠᠭ᠎ᠠ ᠶᠢᠨ ︽ᠬᠤᠶᠠᠷ ᠵᠥᠪᠯᠡᠯ︾᠎ ᠤᠨ ᠪᠦᠷᠢᠯᠳᠦᠭᠦᠨ᠂ ᠰᠣᠩᠭᠤᠨ ᠰᠢᠯᠵᠢᠭᠦᠯᠦᠭᠰᠡᠨ ᠰᠣᠷᠣᠭᠴᠢ᠂ ᠲᠣᠰᠬᠤᠨ ᠳᠤ ᠰᠠᠭᠤᠭ᠎ᠠ ᠠᠵᠢᠯ ᠤᠨ ᠭᠡᠰᠢᠭᠦᠨ᠂ ᠭᠠᠴᠠᠭ᠎ᠠ ᠶᠢᠨ ᠶᠠᠳᠠᠭᠤ ᠠᠴᠠ ᠠᠩᠭᠢᠵᠢᠷᠠᠭᠰᠠᠨ ᠡᠷᠦᠬᠡ ᠵᠢᠴᠢ ᠬᠠᠮᠢᠶ᠎ᠠ ᠪᠦᠬᠦᠢ ᠠᠵᠢᠯᠲᠠᠨ ᠪᠣᠯᠪᠠᠰᠤᠷᠠᠯ ᠳᠤ  ᠤᠷᠤᠯᠴᠠᠪᠠ  ᠃
       ᠦᠢᠯᠡᠳᠪᠦᠷᠢᠯᠡᠯ ᠤᠨ ᠪᠣᠳᠠᠲᠤ ᠪᠠᠶᠢᠳᠠᠯ ᠲᠠᠢ ᠪᠦᠲᠦᠮᠵᠢᠲᠡᠶ ᠪᠠᠷ ᠨᠡᠶᠢᠴᠡᠭᠦᠯᠵᠦ᠂ ᠰᠢᠨᠵᠢᠯᠡᠬᠦ ᠤᠬᠠᠭᠠᠨᠴᠢ ᠪᠠᠷ ᠵᠢᠯᠤᠭᠤᠳᠴᠤ ᠪᠠᠶᠢᠭᠠᠳ ᠠᠵᠤ ᠦᠢᠯᠡᠰ ᠤᠨ ᠬᠥᠭᠵᠢᠯᠲᠡ ᠶᠢ ᠠᠬᠢᠭᠤᠯᠤᠨ᠎ᠠ᠃ ᠪᠣᠯᠪᠠᠰᠤᠷᠠᠯ ᠎ ᠳᠤ᠂ ᠲᠤᠰᠬᠠᠢ ᠮᠡᠷᠭᠡᠵᠢᠯᠲᠡᠨ ᠤᠨᠤᠯ ᠪᠠ ᠪᠣᠳᠠᠲᠤ ᠦᠢᠯᠡᠳᠦᠯᠭᠡ ᠪᠠᠷ ᠳᠠᠮᠵᠢᠨ ᠤᠯᠠᠨ ᠳᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠤᠷ᠎ᠠ ᠮᠡᠷᠭᠡᠵᠢᠯ ᠢ ᠪᠦᠬᠦ ᠲᠠᠯ᠎ᠠ ᠪᠠᠷ ᠰᠢᠰᠲ᠋ᠧᠮ ᠲᠠᠢ ᠲᠠᠶᠢᠯᠪᠤᠷᠢᠯᠠᠵᠤ ᠥᠭᠴᠡᠢ᠃ ᠤᠨᠤᠯ ᠤᠨ ᠮᠡᠳᠡᠯᠭᠡ ᠲᠠᠶᠢᠯᠪᠤᠷᠢᠯᠠᠬᠤ ᠳᠤᠮᠳᠠ᠂ ᠲᠤᠰᠬᠠᠢ ᠮᠡᠷᠭᠡᠵᠢᠯᠲᠡᠨ ᠠᠴᠠ ᠪᠣᠯᠪᠠᠰᠤᠷᠠᠯ ᠳᠤ ᠣᠷᠣᠯᠴᠠᠭᠰᠠᠳ ᠲᠤ ᠦᠬᠡᠷ ᠤᠨ ᠡᠭᠦᠯᠳᠡᠷ ᠢ ᠰᠠᠶᠢᠵᠢᠷᠠᠭᠤᠯᠬᠤ᠂ ᠠᠷᠠᠴᠢᠯᠠᠵᠤ ᠲᠡᠵᠢᠭᠡᠬᠦ ᠵᠢᠴᠢ ᠪᠣᠷᠳᠣᠵᠤ ᠲᠠᠷᠭᠤᠯᠠᠭᠤᠯᠬᠤ ᠦᠨᠳᠦᠰᠦᠨ ᠮᠡᠳᠡᠯᠭᠡ ᠶᠢ ᠨᠠᠷᠢᠨ ᠬᠢᠨᠠᠮᠠᠭᠠᠢ ᠵᠢᠭᠠᠵᠤ᠂ ᠡᠯ᠎ᠡ ᠲᠦᠷᠦᠯ ᠤᠨ ᠭᠠᠵᠠᠷ ᠣᠷᠣᠨ ᠤ ᠴᠢᠨᠠᠷᠲᠠᠢ ᠮᠠᠯ ᠤᠨ ᠬᠢᠵᠢᠭ ᠡᠪᠡᠳᠴᠢᠨ ᠤ ᠰᠢᠯᠲᠠᠭᠠᠨ᠂ ᠡᠪᠡᠳᠴᠢᠨ ᠤ ᠪᠠᠶᠢᠳᠠᠯ ᠵᠢᠴᠢ ᠬᠢᠵᠢᠭ ᠢ ᠰᠡᠷᠭᠡᠶᠢᠯᠡᠬᠦ ᠠᠷᠭ᠎ᠠ ᠪᠠᠷᠢᠯ ᠢ ᠰᠢᠨᠵᠢᠯᠡᠬᠦ ᠤᠬᠠᠭᠠᠨᠴᠢ ᠪᠠᠷ ᠲᠠᠶᠢᠯᠪᠤᠷᠢᠯᠠᠵᠤ᠂ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠵᠠᠰᠠᠬᠤ ᠡᠯ᠎ᠡ ᠲᠦᠷᠦᠯ ᠤᠨ ᠲᠤᠬᠠᠢ ᠶᠢᠨ ᠲᠠᠯᠠᠪᠠᠢ ᠶᠢᠨ ᠠᠵᠢᠯᠯᠠᠭᠠᠨ ᠤ ᠸᠢᠳᠢᠤ᠋ ᠪᠠᠷ ᠪᠣᠯᠪᠠᠰᠤᠷᠠᠯ ᠳᠤ ᠣᠷᠣᠯᠴᠠᠭᠰᠠᠳ ᠲᠤ ᠨᠡᠩ ᠭᠦᠨᠵᠡᠭᠡᠢ ᠲᠠᠨᠢᠯᠲᠠ ᠲᠠᠢ ᠪᠣᠯᠭᠠᠵᠠᠢ᠃ ᠪᠣᠳᠠᠲᠠᠢ ᠪᠣᠯᠪᠠᠰᠤᠷᠠᠯ ᠤᠨ ᠬᠢᠴᠢᠶᠡᠯ ᠳᠡᠭᠡᠷ᠎ᠡ᠂ ᠲᠤᠰᠬᠠᠢ ᠮᠡᠷᠭᠡᠵᠢᠯᠲᠡᠨ ᠠᠴᠠ ᠲᠤᠬᠠᠢ ᠶᠢᠨ ᠲᠠᠯᠠᠪᠤᠷ ᠤᠨ ᠪᠣᠯᠪᠠᠰᠤᠷᠠᠯ ᠳᠤ ᠣᠷᠣᠯᠴᠠᠭᠰᠠᠳ ᠲᠤ ᠦᠬᠡᠷ ᠤᠨ ᠭᠠᠷ ᠢᠶᠠᠷ ᠬᠡᠭᠡᠯᠲᠦᠭᠦᠯᠭᠡ ᠶᠢᠨ ᠪᠣᠳᠠᠲᠠᠢ ᠠᠵᠢᠯᠯᠠᠭ᠎ᠠ ᠶᠢ ᠨᠠᠷᠢᠨ ᠲᠣᠳᠣᠷᠬᠠᠢ ᠳᠡᠯᠭᠡᠨ ᠦᠵᠡᠭᠦᠯᠦᠭᠰᠡᠨ ᠪᠥᠭᠡᠳ ᠪᠣᠯᠪᠠᠰᠤᠷᠠᠯ ᠳᠤ ᠣᠷᠣᠯᠴᠠᠭᠰᠠᠳ ᠢ ᠤᠷᠢᠵᠤ ᠲᠤᠬᠠᠢ ᠶᠢᠨ ᠲᠠᠯᠠᠪᠤᠷ ᠲᠤ ᠪᠡᠶᠡᠴᠢᠯᠡᠨ ᠰᠤᠷᠤᠯᠴᠠᠭᠤᠯᠵᠤ᠂ ᠲᠤᠶᠢᠯ ᠤᠨ ᠲᠤᠰᠬᠠᠢ ᠮᠡᠷᠭᠡᠵᠢᠯ ᠤᠨ ᠵᠢᠯᠣᠭᠤᠳᠤᠯᠭ᠎ᠠ ᠪᠠᠷ ᠲᠣᠰ ᠤᠳᠠᠭᠠᠨ ᠤ ᠪᠣᠯᠪᠠᠰᠤᠷᠠᠯ ᠪᠠᠨ ᠲᠡᠭᠦᠰ ᠠᠮᠵᠢᠯᠲᠠ ᠲᠠᠢ ᠲᠡᠭᠦᠰᠬᠡᠵᠡᠢ᠃         ᠲᠤᠰ ᠤᠳᠠᠭᠠᠨ ᠤ ᠲᠤᠰᠬᠠᠢ ᠮᠡᠷᠭᠡᠵᠢᠯ ᠤᠨ ᠴᠢᠨᠠᠷᠲᠠᠢ᠂ ᠵᠢᠯᠣᠭᠤᠳᠤᠯᠭ᠎ᠠ ᠶᠢᠨ ᠴᠢᠨᠠᠷᠲᠠᠢ  ᠪᠣᠯᠪᠠᠰᠣᠷᠠᠯ ᠢ ᠮᠠᠯ ᠠᠵᠤ ᠠᠬᠤᠢ ᠲᠡᠵᠢᠭᠡᠨ ᠦᠷᠡᠵᠢᠭᠦᠯᠬᠦ ᠶᠠᠪᠤᠴᠠ ᠳᠤ ᠪᠦᠲᠦᠮᠵᠢᠲᠡᠶ ᠬᠡᠷᠡᠭᠯᠡᠵᠦ ᠪᠣᠯᠣᠨ᠎ᠠ᠂ ᠠᠵᠢᠯᠲᠠᠳ ᠪᠣᠯᠣᠨ ᠮᠠᠯᠴᠢᠳ ᠤᠨ ᠮᠠᠯ ᠠᠵᠤ ᠠᠬᠤᠢ ᠲᠡᠵᠢᠭᠡᠨ ᠦᠷᠡᠵᠢᠭᠦᠯᠬᠦ ᠮᠡᠳᠡᠯᠭᠡ ᠶᠢᠨ ᠨᠥᠭᠡᠴᠡ ᠪᠣᠯᠣᠨ ᠲᠤᠰᠬᠠᠢ ᠮᠡᠷᠭᠡᠵᠢᠯ ᠤᠨ ᠤᠷ᠎ᠠ ᠴᠢᠳᠠᠪᠤᠷᠢ ᠶᠢ ᠤᠯᠠᠮ ᠨᠢᠭᠡ ᠠᠯᠬᠤᠮ ᠪᠠᠶᠠᠯᠢᠭᠵᠢᠭᠤᠯᠵᠤ᠂ ᠭᠠᠵᠠᠷ ᠣᠷᠣᠨ ᠤ ᠮᠠᠯ ᠠᠵᠤ ᠠᠬᠤᠢ ᠶᠢᠨ ᠡᠷᠡᠭᠦᠯ ᠢᠶᠠᠷ ᠬᠥᠭᠵᠢᠬᠦ ᠶᠢ ᠠᠬᠢᠭᠤᠯᠵᠤ᠂ ᠦᠬᠡᠷ ᠤᠨ ᠡᠭᠦᠯᠳᠡᠷ ᠢ ᠪᠣᠶᠢᠵᠢᠭᠤᠯᠬᠤ ᠠᠵᠢᠯ ᠢ ᠠᠬᠢᠭᠤᠯᠵᠤ᠂ ᠬᠤᠶᠢᠰᠢᠳᠠ ᠶᠢᠨ ᠮᠠᠯ ᠠᠵᠤ ᠠᠬᠤᠢ ᠶᠢᠨ ᠦᠢᠯᠡᠳᠪᠦᠷᠢᠯᠡᠯ ᠵᠢᠴᠢ ᠮᠠᠯᠵᠢᠬᠤ ᠣᠷᠣᠨ ᠤ ᠮᠠᠯᠵᠢᠬᠤ ᠦᠢᠯᠡᠰ ᠲᠤ ᠪᠠᠲᠤ ᠪᠠᠬᠢ ᠰᠠᠭᠤᠷᠢ ᠶᠢ ᠲᠠᠯᠪᠢᠵᠤ᠂ ᠦᠨᠳᠦᠰᠦᠨ ᠱᠠᠲᠤᠨ ᠤ ᠦᠢᠯᠡᠴᠢᠯᠡᠭᠡᠨ ᠤ ᠰᠢᠰᠲ᠋ᠧᠮ ᠢ ᠪᠠᠶᠢᠭᠤᠯᠵᠤ᠂ ᠠᠵᠤ ᠦᠢᠯᠡᠰ ᠤᠨ ᠦᠷᠭᠦᠯᠵᠢᠯᠡᠨ᠂ ᠲᠣᠭᠲᠠᠭᠤᠨ᠂ ᠴᠢᠨᠠᠷ ᠰᠠᠶᠢᠲᠠᠢ ᠬᠥᠭᠵᠢᠯᠲᠡ ᠶᠢ ᠪᠦᠬᠦ ᠲᠠᠯ᠎ᠠ ᠪᠠᠷ ᠠᠬᠢᠭᠤᠯᠵᠤ᠂ ᠬᠥᠳᠡᠭᠡ ᠲᠣᠰᠬᠤᠨ ᠤ ᠰᠢᠨ᠎ᠡ ᠪᠠᠶᠢᠳᠠᠯ ᠢ ᠡᠭᠦᠳᠦᠨ ᠪᠠᠶᠢᠭᠤᠯᠬᠤ ᠶᠢ ᠪᠡᠶᠡᠯᠡᠭᠦᠯᠵᠡᠢ᠃
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号