ᠡᠪᠦᠳᠦᠭ ᠪᠣᠭᠤᠮᠲᠠ 2023 ᠣᠨ ᠤ 2 ᠰᠠᠷ᠎ᠠ ᠳᠤ᠄ ᠬᠢᠯᠢ ᠪᠠᠷ ᠥᠩᠭᠡᠷᠡᠭᠰᠡᠨ ᠬᠥᠮᠥᠨ 2546 ᠤᠳᠠᠭ᠎ᠠ ᠪᠠᠶᠢᠵᠤ᠂ ᠡᠭᠦᠨ ᠳᠤ ᠬᠢᠯᠢ ᠪᠡ᠊ ᠣᠷᠣᠭᠰᠠᠨ | ᠬᠥᠮᠥᠨ 1273 ᠤᠳᠠᠭ᠎ᠠ᠂ ᠬᠢᠯᠢ ᠪᠠᠷ ᠭᠠᠷᠤᠭᠰᠠᠨ ᠬᠥᠮᠥᠨ 1273 ᠤᠳᠠᠭ᠎ᠠ ᠪᠠᠶᠢᠨ᠎ᠠ᠃ ᠬᠢᠯᠢ ᠪᠠᠷ ᠥᠩᠭᠡᠷᠡᠭᠰᠡᠨ ᠮᠠᠰᠢᠨ ᠲᠡᠷᠭᠡ 2546 ᠤᠳᠠᠭ᠎ᠠ ᠳᠤ | ᠬᠦᠷᠴᠦ᠂ ᠡᠭᠦᠨ ᠳᠤ ᠬᠢᠯᠢ ᠪᠠᠷ ᠣᠷᠣᠭᠰᠠᠨ ᠮᠠᠰᠢᠨ ᠲᠡᠷᠭᠡ 1273 ᠤᠳᠠᠭ᠎ᠠ ᠳᠤ ᠬᠦᠷᠴᠦ᠂ ᠬᠢᠯᠢ ᠠᠴᠠ ᠭᠠᠷᠤᠭᠰᠠᠨ ᠮᠠᠰᠢᠨ ᠲᠡᠷᠭᠡ 1273 ᠤᠳᠠᠭ᠎ᠠ ᠳᠤ | ᠬᠦᠷᠴᠡᠢ᠃ ᠭᠠᠳᠠᠭᠠᠳᠤ ᠠᠴᠠ ᠣᠷᠣᠭᠤᠯᠵᠤ ᠭᠠᠷᠭᠠᠬᠤ ᠪᠠᠷᠠᠭ᠎ᠠ 45437.38 ᠲᠣᠨ ᠳᠤ ᠬᠦᠷᠴᠦ᠂ ᠡᠭᠦᠨ ᠤ ᠳᠣᠲᠣᠷ᠎ᠠ ᠭᠠᠳᠠᠭᠠᠳᠤ ᠠᠴᠠ ᠪᠠᠷᠠᠭ᠎ᠠ 45004. | 38 ᠲᠣᠨ᠂ ᠭᠠᠳᠠᠭᠠᠳᠤ ᠳᠤ ᠭᠠᠷᠭᠠᠬᠤ ᠪᠠᠷᠠᠭ᠎ᠠ 433 ᠲᠣᠨ᠂ ᠲᠦᠭᠦᠬᠡᠢ ᠴᠢᠯᠠᠭᠤᠨ ᠲᠤᠰᠤᠨ ᠤ ᠭᠠᠳᠠᠭᠠᠳᠤ ᠠᠴᠠ ᠣᠷᠣᠭᠤᠯᠬᠤ ᠪᠠᠷᠠᠭ᠎ᠠ 45004.38 | ᠲᠣᠨ ᠳᠤ ᠬᠦᠷᠴᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 45004.38 ᠲᠣᠨ ᠨᠡᠮᠡᠭᠳᠡᠵᠡᠢ᠃ | ᠡᠪᠦᠳᠦᠭ ᠪᠣᠭᠤᠮᠲᠠ ᠶᠢᠨ ᠲᠡᠭᠡᠭᠡᠪᠦᠷᠢ ᠶᠢᠨ ᠬᠡᠮᠵᠢᠶ᠎ᠡ 2023 ᠣᠨ ᠤ 1 ︱ 2 ᠰᠠᠷ᠎ᠠ ︵1 ᠳ᠋ᠦᠭᠡᠷ ᠰᠠᠷ᠎ᠠ ᠶᠢᠨ 1 ᠤ ᠡᠳᠦᠷ ︱ 2 ᠳ᠋ᠤᠭᠠᠷ | ᠰᠠᠷ᠎ᠠ ᠶᠢᠨ 28 ᠤ ᠡᠳᠦᠷ︶᠄ | ᠬᠢᠯᠢ ᠪᠠᠷ ᠥᠩᠭᠡᠷᠡᠭᠰᠡᠨ ᠠᠶᠠᠨᠴᠢᠳ ᠤᠨ ᠲᠡᠭᠡᠭᠡᠪᠦᠷᠢ ᠶᠢᠨ ᠨᠡᠶᠢᠲᠡ ᠬᠡᠮᠵᠢᠶ᠎ᠡ ᠶᠢᠨ ᠪᠠᠶᠢᠳᠠᠯ᠄ ᠬᠢᠯᠢ ᠪᠠᠷ ᠥᠩᠭᠡᠷᠡᠭᠰᠡᠨ ᠬᠥᠮᠥᠨ 5236 ᠤᠳᠠᠭ᠎ᠠ ᠳᠤ | ᠬᠦᠷᠴᠦ᠂ ᠡᠭᠦᠨ ᠳᠤ ᠬᠢᠯᠢ ᠪᠠᠷ ᠣᠷᠣᠭᠰᠠᠨ ᠬᠥᠮᠥᠨ 2618 ᠤᠳᠠᠭ᠎ᠠ᠂ ᠬᠢᠯᠢ ᠪᠠᠷ ᠭᠠᠷᠤᠭᠰᠠᠨ ᠬᠥᠮᠥᠨ 2618 ᠤᠳᠠᠭ᠎ᠠ ᠪᠠᠶᠢᠨ᠎ᠠ᠃ | ᠬᠢᠯᠢ ᠪᠠᠷ ᠥᠩᠭᠡᠷᠡᠭᠰᠡᠨ ᠵᠠᠮ ᠬᠠᠷᠢᠯᠴᠠᠭᠠᠨ ᠤ ᠲᠡᠭᠡᠭᠡᠪᠦᠷᠢ ᠶᠢᠨ ᠪᠠᠭᠠᠵᠢ ᠶᠢᠨ ᠨᠡᠶᠢᠲᠡ ᠬᠡᠮᠵᠢᠶ᠎ᠡ᠄ ᠬᠢᠯᠢ ᠠᠴᠠ ᠣᠷᠣᠭᠰᠠᠨ ᠲᠡᠷᠭᠡ ᠬᠥᠰᠬᠡ 5236 | ᠤᠳᠠᠭ᠎ᠠ ᠪᠠᠶᠢᠵᠤ᠂ ᠡᠭᠦᠨ ᠳᠤ ᠬᠢᠯᠢ ᠠᠴᠠ ᠭᠠᠷᠤᠭᠰᠠᠨ ᠲᠡᠷᠭᠡ ᠬᠥᠰᠬᠡ 2618 ᠤᠳᠠᠭ᠎ᠠ᠂ ᠬᠢᠯᠢ ᠪᠠᠷ ᠥᠩᠭᠡᠷᠡᠭᠰᠡᠨ ᠲᠡᠷᠭᠡ ᠬᠥᠰᠬᠡ 2618 ᠤᠳᠠᠭ᠎ᠠ | ᠪᠠᠶᠢᠨ᠎ᠠ᠃ | ᠭᠠᠳᠠᠭᠠᠳᠤ ᠠᠴᠠ ᠣᠷᠣᠭᠤᠯᠵᠤ ᠭᠠᠷᠭᠠᠭᠰᠠᠨ ᠪᠠᠷᠠᠭᠠᠨ ᠤ ᠶᠡᠷᠦᠩᠬᠡᠢ ᠬᠡᠮᠵᠢᠶ᠎ᠡ᠄ ᠶᠡᠷᠦᠩᠬᠡᠢ ᠬᠡᠮᠵᠢᠶ᠎ᠡ ᠨᠢ 93148.1 ᠲᠣᠨ᠂ ᠡᠭᠦᠨ ᠳᠤ ᠭᠠᠳᠠᠭᠠᠳᠤ ᠠᠴᠠ | ᠣᠷᠣᠭᠤᠯᠤᠭᠰᠠᠨ ᠪᠠᠷᠠᠭ᠎ᠠ 92195.3 ᠲᠣᠨ᠂ ᠭᠠᠳᠠᠭᠠᠳᠤ ᠳᠤ ᠭᠠᠷᠭᠠᠭᠰᠠᠨ ᠪᠠᠷᠠᠭ᠎ᠠ 952.8 ᠲᠣᠨ ᠪᠣᠯᠣᠨ᠎ᠠ᠃ | 2023 ᠣᠨ ᠤ 1—2 ᠰᠠᠷ᠎ᠠ ᠶᠢᠨ ᠪᠣᠭᠤᠮᠲᠠ ᠶᠢᠨ ᠲᠡᠭᠡᠭᠡᠪᠦᠷᠢ ᠶᠢᠨ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ ᠨᠡᠮᠡᠭᠳᠡᠭᠰᠡᠨ ᠰᠢᠯᠲᠠᠭᠠᠨ᠄ | ᠣᠳᠣᠬᠠᠨ ᠳᠤ᠂ ᠡᠪᠦᠳᠦᠭ ᠪᠣᠭᠤᠮᠲᠠ ᠨᠢᠭᠡᠨᠲᠡ ᠲᠦᠭᠦᠬᠡᠢ ᠴᠢᠯᠠᠭᠤᠨ ᠲᠣᠰᠣᠨ ᠤ ᠲᠡᠷᠭᠡ ᠶᠢᠨ ᠴᠢᠷᠦᠭᠦᠯ ᠲᠡᠷᠭᠡ ᠪᠠᠨ ᠬᠠᠶᠠᠵᠤ ᠪᠣᠭᠤᠮᠲᠠ ᠪᠠᠷ ᠥᠩᠭᠡᠷᠡᠬᠦ | ᠠᠷᠭ᠎ᠠ ᠮᠠᠶ᠋ᠢᠭ ᠢ ᠬᠦᠴᠦᠨ ᠦᠭᠡᠢ ᠪᠣᠯᠭᠠᠵᠤ᠂ ᠲᠦᠭᠦᠬᠡᠢ ᠴᠢᠯᠠᠭᠤᠨ ᠲᠣᠰᠣᠨ ᠤ ᠲᠡᠷᠭᠡ ᠶᠢᠨ ᠵᠢᠯᠣᠭᠤᠴᠢ ᠶᠢᠨ ᠲᠡᠷᠭᠡ ᠰᠣᠯᠢᠬᠤ ᠬᠡᠯᠪᠡᠷᠢ ᠶᠢ ᠰᠡᠷᠭᠦᠭᠡᠵᠦ᠂ | ᠬᠢᠯᠢ ᠪᠠᠷ ᠣᠷᠣᠵᠤ ᠭᠠᠷᠬᠤ ᠪᠠᠷᠠᠭᠠᠨ ᠤ ᠲᠡᠷᠭᠡ ᠶᠢᠨ ᠲᠤᠭ᠎ᠠ ᠬᠢᠵᠢᠭ ᠤᠨ ᠬᠤᠭᠤᠴᠠᠭᠠᠨ ᠤ ᠬᠢ ᠠᠴᠠ ᠢᠯᠡᠳᠲᠡ ᠳᠡᠭᠡᠭᠰᠢᠯᠡᠨ᠂ ᠪᠣᠭᠤᠮᠲᠠ ᠪᠠᠷ ᠥᠩᠭᠡᠷᠡᠬᠦ ᠦᠷ᠎ᠡ | ᠪᠦᠲᠦᠮᠵᠢ ᠶᠢ ᠪᠦᠲᠦᠮᠵᠢᠲᠡᠶ ᠳᠡᠭᠡᠭᠰᠢᠯᠡᠭᠦᠯᠵᠦ᠂ ᠲᠦᠭᠦᠬᠡᠢ ᠴᠢᠯᠠᠭᠤᠨ ᠲᠣᠰᠣᠨ ᠤ ᠭᠠᠳᠠᠭᠠᠳᠤ ᠣᠷᠣᠭᠤᠯᠤᠯᠲᠠ ᠶᠢᠨ ᠬᠡᠮᠵᠢᠶ᠎ᠡ ᠠᠯᠬᠤᠮ ᠠᠯᠬᠤᠮ ᠢᠶᠠᠷ ᠨᠡᠮᠡᠭᠳᠡᠬᠦ | ᠬᠠᠨᠳᠤᠰᠢ ᠲᠠᠢ ᠪᠣᠯᠤᠭᠰᠠᠨ ᠪᠠᠶᠢᠨ᠎ᠠ᠃ |