ᠮᠣᠩᠭᠤᠯ ᠪᠦᠰᠡ ᠶᠢᠨ ᠴᠡᠭᠡᠷ
ᠨᠡᠶᠢᠲᠡᠯᠡᠭᠰᠡᠨ ᠴᠠᠭ᠄
2023/6/30
   ᠪᠦᠰᠡ ᠪᠦᠰᠡᠯᠡᠬᠦ ᠳᠡᠭᠡᠨ ᠭᠠᠵᠠᠷ ᠰᠢᠷᠦ᠋ᠢᠳᠣᠭᠤᠯᠬᠤ᠂ ᠭᠢᠰᠬᠢᠬᠦ᠂ ᠨᠠᠷᠠᠨ ᠪᠣᠷᠣᠭᠤ ᠣᠷᠢᠶᠠᠬᠤ ᠶᠢ ᠴᠡᠭᠡᠷᠯᠡᠨ᠎ᠡ᠃   ᠪᠦᠰᠡ ᠳᠠᠪᠡᠯ ︵ᠲᠡᠷᠯᠢᠭ︶᠎ ᠤᠨ ᠦᠩᠭᠡ ᠲᠠᠢ ᠦᠩᠭᠡ ᠬᠠᠷᠰᠢᠯᠳᠣᠬᠤ ᠶᠢ ᠴᠡᠭᠡᠷᠯᠡᠨ᠎ᠡ᠃   ᠲᠡᠷᠯᠢᠭ ᠢᠶᠠᠨ ᠲᠠᠶᠢᠯᠬᠤ ᠳᠠᠭᠠᠨ ᠪᠦᠰᠡ ᠪᠠᠨ ᠨᠠᠷᠠᠨ ᠪᠣᠷᠣᠭᠤ ᠡᠷᠭᠢᠭᠦᠯᠵᠦ ᠲᠠᠶᠢᠯᠬᠤ ᠶᠢ ᠴᠡᠭᠡᠷᠯᠡᠨ᠎ᠡ᠃   ᠡᠷᠡᠭᠳᠡᠢ ᠬᠦᠮᠦᠨ ᠪᠣᠰᠣᠳ ᠤᠨ ᠡᠬᠡᠨᠡᠷ ᠢᠶᠠᠷ ᠪᠦᠰᠡ ᠪᠦᠰᠡᠯᠡᠭᠦᠯᠬᠦ ᠶᠢ ᠶᠡᠬᠡᠳᠡ ᠴᠡᠭᠡᠷᠯᠡᠨ᠎ᠡ᠃   ᠪᠦᠰᠡ ᠪᠠᠨ ᠠᠯᠳᠠᠷᠭᠠᠵᠤ ᠴᠢᠷᠴᠣ ᠶᠠᠪᠣᠪᠠᠯ ︽ᠦᠯᠦᠨ ᠭᠡᠳᠡᠰᠣ ᠴᠢᠨᠢ ᠴᠣᠪᠣᠵᠣ ᠪᠠᠶᠢᠨ᠎ᠠ ᠦᠦ︖︾ ᠭᠡᠵᠦ ᠠᠮᠠ ᠪᠠᠨ ᠠᠰᠠᠭᠤᠯᠭᠠᠬᠤ ᠶᠢ ᠴᠡᠭᠡᠷᠯᠡᠨ᠎ᠡ᠃   ᠪᠦᠰᠡ ᠪᠠᠨ ᠠᠶᠢᠯ ᠳᠤ ᠲᠣᠷ᠎ᠠ ᠪᠠᠷ ᠲᠠᠶᠢᠯᠬᠤ ᠶᠢ ᠴᠡᠭᠡᠷᠯᠡᠨ᠎ᠡ᠃   ᠪᠦᠰᠡ ᠦᠭᠡᠢ ᠨᠦᠮᠦᠭᠡᠨ ᠶᠠᠪᠣᠬᠤ ᠶᠢ ᠴᠡᠭᠡᠷᠯᠡᠨ᠎ᠡ᠃   ᠪᠦᠰᠡ ᠪᠦᠰᠡᠯᠡᠬᠦ ᠦᠬᠡᠢ ᠶᠠᠪᠣᠪᠠᠯ ᠬᠡᠶᠢᠮᠣᠷᠢ ᠬᠡᠪᠲᠠᠨ᠎ᠡ ᠭᠡᠳᠡᠭ᠃   ᠪᠦᠰᠡ ᠠᠴᠠ ᠪᠣᠰᠣᠳ ᠡᠳ᠋ ᠢᠶᠠᠷ ᠪᠦᠰᠡ ᠶᠢ ᠣᠷᠣᠯᠠᠭᠤᠯᠬᠤ ᠶᠢ ᠨᠡᠩ ᠴᠡᠭᠡᠷᠯᠡᠨ᠎ᠡ᠃  ᠠᠷᠢᠬᠢ ᠳᠡᠷᠡᠰᠦ ᠡᠷᠭᠦᠨ ᠪᠠᠷᠢᠬᠤ᠂ ᠬᠦᠷᠳᠡᠬᠦ ᠳᠡᠭᠡᠨ ᠬᠠᠨᠴᠣᠢ ᠰᠢᠮᠠᠯᠠᠬᠤ᠂ ᠬᠤᠷᠮᠣᠢ ᠰᠢᠭᠤᠬᠤ᠂ ᠪᠦᠰᠡ ᠪᠠᠨ ᠲᠠᠷᠢ ᠲᠡᠭᠰᠢ ᠪᠦᠰᠡᠯᠡᠬᠦ ᠦᠬᠡᠢ᠂ ᠡᠩᠭᠡᠷ ᠵᠠᠭᠠᠮ᠎ᠠ ᠪᠠᠨ ᠰᠣᠯᠠ ᠵᠠᠳᠠᠭᠠᠢ ᠪᠠᠶᠢᠯᠭᠠᠬᠤ ᠶᠢ ᠴᠡᠭᠡᠷᠯᠡᠨ᠎ᠡ᠃
ᠢᠷᠡᠯᠲᠡ᠄ ᠰᠦᠯᠵᠢᠶ᠎ᠡ