ᠥᠷᠢᠰᠦᠯᠳᠦᠭᠡᠨ ᠶᠡᠬᠡᠲᠡᠢ ᠵᠠᠬ᠎ᠠ ᠳᠡᠯᠭᠡᠭᠦᠷ ᠲᠤ ᠥᠪᠡᠷ ᠤᠨ ᠭᠡᠰᠡᠨ ᠣᠷᠣᠨ ᠪᠠᠶᠢᠷᠢ ᠪᠠᠨ ᠣᠯᠣᠨ᠎ᠠ ᠭᠡᠵᠦ ᠬᠡᠯᠡᠬᠦ ᠳᠤ ᠠᠮᠠᠷᠬᠠᠨ ᠴᠦ ᠪᠡᠶᠡᠯᠡᠭᠦᠯᠬᠦ ᠳᠤ | ᠬᠠᠷᠢᠨ ᠬᠦᠴᠢᠷ ᠪᠠᠶᠢᠳᠠᠭ᠃ ᠵᠡᠭᠦᠨ ᠦᠵᠦᠮᠦᠴᠢᠨ ᠬᠤᠰᠢᠭᠤᠨ ᠤ ᠳᠠᠭᠤᠲᠤᠨᠠᠭᠤᠷ ᠪᠠᠯᠭᠠᠰᠤᠨ ᠤ ᠪᠠᠶᠠᠨᠲᠤᠭ ᠭᠠᠴᠠᠭᠠᠨ ᠤ ᠮᠠᠯᠴᠢᠨ ᠪᠦᠰᠡᠭᠦᠢ ᠦᠷᠠᠵᠢᠮᠠ 2005 | ᠣᠨ ᠳᠤ ᠳᠠᠭᠤᠲᠤᠨᠠᠭᠤᠷ ᠪᠠᠯᠭᠠᠰᠤᠨ ᠳᠠᠭᠠᠨ ᠣᠶᠣᠳᠠᠯ ᠤᠨ ᠭᠠᠵᠠᠷ ᠡᠷᠭᠢᠯᠠᠡ ᠦᠢᠯᠡᠰ ᠪᠣᠰᠬᠠᠭᠰᠠᠨ ᠢᠶᠠᠨ 20 ᠰᠢᠬᠠᠮ ᠵᠢᠯ ᠤᠨ ᠰᠢᠷᠭᠠᠭᠤ ᠴᠢᠷᠮᠠᠶᠢᠯᠭ᠎ᠠ ᠪᠠᠷ | ᠤᠲᠤ ᠪᠤᠯᠬᠤ ᠳᠤ ᠵᠢᠯ ᠤᠨ 1000 ᠰᠢᠬᠠᠮ ᠵᠠᠬ᠎ᠠ ᠦᠵᠦᠮᠦᠴᠢᠨ ᠬᠤᠪᠴᠠᠰᠤ ᠵᠠᠰᠠᠯ ᠣᠶᠣᠵᠤ᠂ 3 ᠵᠢᠯ ᠳᠠᠷᠠᠭᠠᠯᠠᠨ ᠵᠢᠯ ᠪᠦᠷᠢ 200 ᠲᠦᠮᠡᠨ ᠲᠥᠭᠦᠷᠢᠭ ᠤᠨ | ᠤᠷᠤᠯᠭ᠎ᠠ ᠡᠭᠦᠳᠴᠦ᠂ ᠨᠢᠭᠡᠨ ᠨᠡᠷ᠎ᠡ ᠨᠢᠳᠡᠷ ᠲᠡᠭᠡᠨ ᠲᠡᠩᠴᠡᠭᠰᠡᠨ ᠤᠷᠠᠨ ᠣᠶᠣᠳᠠᠯᠴᠢᠨ᠂ ᠦᠢᠯᠡᠰᠴᠢᠨ ᠪᠦᠰᠡᠭᠦᠢ ᠪᠣᠯᠵᠤ ᠨᠠᠶᠢᠲᠠ ᠤᠯᠠᠨ ᠳᠠᠭᠠᠨ ᠲᠠᠨᠢᠭᠳᠠᠵᠤ | ᠶᠠᠪᠤᠨ᠎ᠠ᠃ | | | | | | ᠦᠷᠠᠵᠢᠮᠠ 2005 ᠣᠨ ᠳᠤ ᠳᠠᠭᠤᠲᠤᠨᠠᠭᠤᠷ ᠪᠠᠯᠭᠠᠰᠤᠨ ᠳᠤ ᠭᠡᠷ ᠲᠦᠷᠢᠶᠡᠰᠦᠯᠡᠨ ᠣᠶᠣᠳᠠᠯ ᠤᠨ ᠭᠠᠵᠠᠷ ᠢᠶᠠᠨ ᠨᠡᠭᠡᠭᠡᠵᠡᠢ᠃ ᠲᠤᠬᠠᠢ ᠶᠢᠨ | ᠦᠶ᠎ᠡ ᠳᠤ ᠲᠠᠷᠠ ᠲᠤᠰᠬᠠᠢ ᠤᠭᠠᠯᠵᠠ ᠣᠶᠣᠵᠤ᠂ ᠣᠪᠣᠭ᠎ᠠ ᠪᠤᠯᠠᠭ ᠤᠨ ᠨᠠᠶᠢᠷ ᠨᠠᠭᠠᠳᠤᠮ ᠤᠳ ᠢᠶᠠᠷ ᠬᠦᠷᠴᠦ ᠬᠤᠳᠠᠯᠳᠤᠳᠠᠭ ᠪᠠᠶᠢᠵᠠᠢ᠃ 2010 ᠣᠨ ᠳᠤ | ᠬᠤᠰᠢᠭᠤᠨ ᠲᠥᠪ ᠤᠯᠢᠶᠠᠰᠤᠲᠠᠢ ᠪᠠᠯᠭᠠᠰᠤᠨ ᠳᠤ ᠰᠢᠯᠵᠢᠵᠦ᠂︽ᠤᠷᠠᠨ ᠭᠤᠸ᠎ᠠ︾ᠣᠶᠣᠳᠠᠯ ᠤᠨ ᠭᠠᠵᠠᠷ ᠢᠶᠠᠨ ᠦᠷᠭᠦᠯᠵᠢᠯᠡᠨ ᠠᠵᠢᠯᠯᠠᠭᠤᠯᠵᠠᠢ᠃ ᠨᠠᠷᠢᠨ ᠰᠢᠷᠢᠨ | ᠣᠶᠣᠳᠠᠯ ᠳᠤ ᠴᠠᠭᠠᠷᠠᠭᠰᠠᠨ ᠦᠷᠠᠵᠢᠮᠠ 2006 ᠣᠨ ᠳᠤ ᠵᠡᠭᠦᠨ ᠦᠵᠦᠮᠦᠴᠢᠨ ᠬᠤᠰᠢᠭᠤ ᠪᠠᠶᠢᠭᠤᠯᠤᠭᠳᠠᠭᠰᠠᠨ 50 ᠵᠢᠯ ᠤᠨ ᠤᠢ ᠶᠢ ᠪᠡᠯᠭᠡᠯᠡᠬᠦ | ᠨᠠᠭᠠᠳᠤᠮ ᠤᠨ︽ᠪᠣᠳᠠᠰ ᠤᠨ ᠪᠤᠰᠤ ᠰᠣᠶᠣᠯ ᠤᠨ ᠥᠪ ᠤᠨ ᠳᠡᠯᠭᠡᠨ ᠦᠵᠡᠭᠦᠯᠭᠡ︾ ᠳᠤ ᠤᠷᠤᠯᠴᠠᠵᠦ᠂ ᠣᠶᠣᠭᠰᠠᠨ ᠰᠢᠨ᠎ᠡ ᠮᠠᠶ᠋ᠢᠭ ᠤᠨ ᠲᠡᠷᠯᠢᠭ ᠨᠢ ᠨᠢᠭᠡᠳᠦᠭᠡᠷ | ᠲᠡᠰ ᠤᠨ ᠱᠠᠩᠨᠠᠯ ᠳᠤᠰᠤᠭᠰᠠᠨ ᠠᠴᠠ ᠲᠡᠷᠡ ᠪᠠᠷ ᠤᠯᠠᠮ ᠤᠷᠮᠠᠰᠢᠨ ᠵᠣᠷᠢᠭᠵᠢᠵᠤ᠂ ᠦᠵᠦᠮᠦᠴᠢᠨ ᠬᠤᠪᠴᠠᠰᠤ ᠵᠠᠰᠠᠯ ᠤᠨ ᠰᠣᠶᠣᠯ ᠢᠶᠠᠨ ᠤᠯᠠᠮᠵᠢᠯᠠᠨ ᠬᠥᠭᠵᠢᠭᠦᠯᠬᠦ | ᠦᠢᠯᠡᠰ ᠲᠤ ᠬᠤᠷᠮᠣᠢ ᠰᠢᠭᠤᠨ ᠭᠠᠷᠮᠠᠭᠠᠶᠢᠯᠠᠨ ᠠᠵᠢᠯᠯᠠᠭᠰᠠᠨ ᠪᠠᠶᠢᠨ᠎ᠠ᠃ | ᠪᠠᠷᠢᠮᠲᠠᠯᠠᠯ ᠬᠢᠭᠡᠳ ᠴᠢᠷᠮᠠᠶᠢᠯᠭ᠎ᠠ ᠨᠢ ᠣᠶᠣᠳᠠᠯᠴᠢᠨ ᠦᠷᠠᠵᠢᠮᠠ ᠶᠢᠨ ᠦᠢᠯᠡᠰ ᠢᠶᠠᠨ ᠥᠭᠡᠳᠡᠯᠡᠭᠦᠯᠦᠭᠰᠡᠨ︽ᠵᠣᠷ︾ ᠭᠡᠯᠲᠡᠢ᠃ ᠲᠡᠷᠡ ᠪᠠᠷ 2012 | ᠣᠨ ᠳᠤ ᠲᠤᠰᠬᠠᠢ ᠮᠡᠷᠭᠡᠵᠢᠯ ᠤᠨ ᠪᠠᠭᠰᠢ ᠠᠴᠠ ᠡᠰᠬᠡᠯᠲᠡ ᠡᠮᠵᠢᠶᠡᠷᠢ ᠵᠡᠷᠭᠡ ᠶᠢ ᠰᠤᠷᠴᠤ᠂ ᠪᠡᠶ᠎ᠡ ᠪᠠᠨ ᠳᠠᠭᠠᠭᠠᠵᠤ ᠲᠡᠷᠯᠢᠭ ᠵᠤᠪᠴᠠᠭ᠎ᠠ ᠣᠶᠣᠵᠤ ᠡᠬᠢᠯᠡᠭᠰᠡᠨ | ᠪᠠᠶᠢᠨ᠎ᠠ᠃ ᠦᠷᠠᠵᠢᠮᠠ ᠶᠢᠨ ᠤᠷᠢᠨ ᠬᠡᠷᠡᠭᠯᠡᠵᠦ ᠪᠠᠶᠢᠭ᠎ᠠ ᠣᠶᠣᠳᠠᠯᠴᠢᠳ ᠨᠢ ᠪᠦᠷ ᠨᠠᠶᠢᠳᠠᠪᠤᠷᠢᠲᠠᠢ᠂ ᠨᠠᠷᠢᠯᠢᠭ ᠣᠶᠣᠳᠠᠭ ᠢᠶᠠᠷ ᠣᠶᠣᠳᠠᠯ ᠤᠨ ᠬᠢᠨ ᠴᠢᠨᠠᠷ ᠴᠢᠨᠰᠠᠭ᠎ᠠ | ᠨᠢ ᠪᠠᠲᠤᠯᠠᠭ᠎ᠠ ᠲᠠᠢ ᠪᠠᠶᠢᠵᠤ᠂ ᠪᠠᠰᠠ ᠲᠤᠰᠬᠠᠢ ᠤᠭᠠᠯᠵᠠ ᠣᠶᠣᠬᠤ᠂ ᠡᠮᠵᠢᠶᠡᠷᠢ ᠡᠮᠵᠢᠬᠦ᠂ ᠲᠣᠪᠴᠢ ᠰᠢᠯᠪᠢ ᠬᠠᠲᠠᠬᠤ᠂ ᠨᠤᠭᠤᠯᠤᠭᠠᠰᠤ ᠭᠠᠷᠭᠠᠬᠤ᠂ ᠬᠠᠪᠠᠭᠠᠰᠤ | ᠬᠠᠪᠠᠭ᠋ᠤ᠂ ᠳᠣᠲᠣᠷᠯᠠᠬᠤ ᠭᠡᠳ ᠯᠠ ᠥᠪᠡᠷ ᠥᠪᠡᠷ ᠤᠨ ᠲᠤᠰᠬᠠᠶᠢᠵᠢᠭᠰᠠᠨ ᠠᠵᠢᠯ ᠲᠠᠢ ᠪᠣᠯᠬᠤᠷ ᠨᠢᠭᠡ ᠦᠵᠦᠮᠦᠴᠢᠨ ᠬᠠᠪᠠᠭᠠᠰᠤ ᠲᠠᠢ ᠲᠡᠷᠯᠢᠭ ᠢ 7 ᠡᠳᠦᠷ ᠲᠤ | ᠣᠶᠣᠴᠢᠬᠠᠳᠠᠭ᠃ ᠨᠡᠩ ᠴᠦ ᠵᠢᠷᠭᠢᠶ᠎ᠡ ᠪᠠᠷ︽ᠦᠵᠦᠮᠦᠴᠢᠨ ᠬᠠᠪᠠᠭᠠᠰᠤ ᠲᠠᠢ ᠲᠡᠷᠯᠢᠭ ᠢ ᠲᠤᠯᠤᠭᠠᠨ ᠡᠳᠦᠷ ᠲᠤ ᠣᠶᠣᠵᠤ ᠭᠦᠢᠴᠡᠴᠢᠬᠡᠨᠡ︾ᠭᠡᠰᠡᠨ ᠵᠠᠷ ᠮᠡᠳᠡᠭᠡ | ᠨᠡᠶᠢᠲᠡᠯᠡᠭᠰᠡᠨ ᠢᠶᠠᠷ ᠡᠲᠠᠨ ᠤ ᠬᠢ ᠶᠢ ᠡᠷᠢᠵᠦ ᠢᠷᠡᠬᠦ ᠬᠥᠮᠥᠨ ᠣᠯᠠᠰᠢᠷᠠᠭᠰᠠᠨ ᠭᠡᠲᠡᠭ᠃ ᠢᠩᠭᠢᠵᠦ ᠯᠠ ᠴᠢᠷᠮᠠᠶᠢᠨ ᠠᠵᠢᠯᠯᠠᠭᠰᠠᠨ ᠢᠶᠠᠷ ᠵᠢᠯ ᠳᠤ 1000 ᠰᠢᠬᠠᠮ | ᠵᠠᠬ᠎ᠠ ᠦᠵᠦᠮᠦᠴᠢᠨ ᠬᠤᠪᠴᠠᠰᠤ ᠵᠠᠰᠠᠯ ᠣᠶᠣᠵᠤ᠂ 3 ᠵᠢᠯ ᠳᠠᠷᠠᠭᠠᠯᠠᠨ ᠵᠢᠯ ᠪᠦᠷᠢ 200 ᠰᠢᠬᠠᠮ ᠲᠦᠮᠡᠨ ᠲᠥᠭᠦᠷᠢᠭ ᠤᠨ ᠤᠷᠤᠯᠭ᠎ᠠ ᠡᠭᠦᠳᠴᠡᠢ᠃ | ᠦᠷᠠᠵᠢᠮᠠ ᠬᠤᠰᠢᠭᠤ ᠪᠠ ᠠᠶᠢᠮᠠᠭ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ︽ᠦᠵᠦᠮᠦᠴᠢᠨ ᠬᠠᠳᠬᠤᠮᠠᠯ︾ ᠤᠨ ᠥᠪᠯᠡᠨ | ᠤᠯᠠᠮᠵᠢᠯᠠᠭᠴᠢ ᠪᠠᠶᠢᠵᠤ᠂ ᠤᠷᠢᠳ ᠬᠤᠵᠢᠳ ᠲᠤᠮᠲᠠᠲᠤ ᠤᠯᠤᠰ ᠤᠨ ᠭᠠᠷ ᠦᠢᠯᠡᠳᠬᠡᠯ ᠤᠨ ᠭᠠᠵᠠᠷ ᠤᠨ ᠰᠢᠯᠢᠳᠡᠭ ᠬᠠᠳᠬᠤᠮᠠᠯᠴᠢᠨ ᠪᠦᠰᠡᠭᠦᠢ᠂ ᠪᠦᠭᠦ ᠣᠷᠣᠨ ᠤ | ᠮᠣᠩᠭᠤᠯ ᠦᠨᠳᠦᠰᠦᠲᠡᠨ ᠤ ᠬᠠᠳᠬᠤᠮᠠᠯ ᠤᠨ ᠶᠡᠭᠡ ᠤᠷᠤᠯᠲᠤᠭᠠᠨ ᠤ ᠥᠩᠭᠡ ᠶᠢᠨ ᠵᠣᠬᠢᠴᠠᠭᠤᠯᠤᠯ ᠤᠨ ᠨᠢᠭᠡᠳᠦᠭᠡᠷ ᠲᠡᠰ᠂ ᠪᠦᠭᠦ ᠣᠷᠣᠨ ᠤ ᠠᠷᠪᠠᠨ ᠲᠠᠪᠤᠳᠤᠭᠠᠷ | ᠬᠤᠭᠤᠴᠠᠭᠠᠨ ᠤ ᠮᠣᠩᠭᠤᠯ ᠦᠨᠳᠦᠰᠦᠲᠡᠨ ᠤ ᠬᠤᠪᠴᠠᠰᠤ ᠵᠠᠰᠠᠯ ᠤᠨ ᠨᠠᠭᠠᠳᠤᠮ ᠤᠨ ᠬᠦᠷᠡᠯ ᠮᠧᠲᠠᠯ ᠪᠠ ᠡᠪᠦᠯ ᠤᠨ ᠤᠯᠠᠷᠢᠯ ᠤᠨ ᠬᠤᠪᠴᠠᠰᠤ ᠵᠠᠰᠠᠯ ᠤᠨ | ᠤᠷᠤᠯᠲᠤᠭᠠᠨ ᠤ ᠬᠤᠶᠠᠳᠤᠭᠠᠷ ᠲᠡᠰ ᠤᠨ ᠱᠠᠩᠨᠠᠯ ᠵᠡᠷᠭᠡ ᠤᠯᠨᠨ ᠱᠠᠩᠨᠠᠯ ᠬᠥᠬᠢᠭᠦᠯᠦᠯ ᠢ ᠲᠤᠰᠴᠤ᠂ ᠪᠠᠰᠠ ᠬᠤᠰᠢᠭᠤᠨ ᠤ ᠪᠠᠨ ᠬᠤᠳᠠ ᠣᠷᠣᠵᠤ ᠦᠢᠯᠡᠰ | ᠪᠦᠲᠦᠭᠡᠭᠰᠡᠨ ᠲᠡᠷᠢᠭᠦᠨ ᠤ ᠡᠮᠡᠭᠲᠡᠢ᠂ ᠠᠵᠤ ᠦᠢᠯᠡᠰᠴᠢᠨ᠂ ᠤᠮᠠᠷᠠᠲᠤ ᠬᠢᠯᠢ ᠶᠢᠨ ᠰᠢᠯᠢᠳᠡᠭ ᠡᠮᠡᠭᠲᠡᠢ᠂ ᠠᠷᠪᠠᠨ ᠰᠢᠯᠢᠳᠡᠭ ᠦᠢᠯᠡᠰ ᠪᠣᠰᠬᠠᠭᠰᠠᠨ ᠳᠠᠭᠠᠭᠤᠯᠤᠭᠴᠢ | ᠵᠡᠷᠭᠡ ᠤᠯᠠᠨ ᠱᠠᠩᠨᠠᠯ ᠬᠥᠬᠢᠭᠦᠯᠦᠯ ᠪᠣᠯᠣᠨ ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠵᠤ ᠶᠠᠪᠤᠨ᠎ᠠ᠃ | | |