︽ᠰᠦᠯᠵᠢᠶᠡᠨ ᠤᠲᠤ︾ ᠪᠣᠯᠤᠭᠰᠠᠨ ᠪᠢᠴᠢᠬᠠᠨ ᠪᠥᠬᠡᠴᠢᠨ
ᠨᠡᠶᠢᠲᠡᠯᠡᠭᠰᠡᠨ ᠴᠠᠭ᠄
2024/10/8
          ᠵᠢᠷᠭᠢᠶ᠎ᠡ ᠰᠦᠯᠵᠢᠶ᠎ᠡ ᠪᠠᠷ ᠨᠢᠭᠡᠨ ᠬᠡᠦᠬᠡᠳ ᠪᠡᠶ᠎ᠡ ᠠᠴᠠ ᠪᠠᠨ ᠨᠡᠯᠢᠶᠡᠳ ᠲᠣᠮᠣ ᠬᠡᠦᠬᠡᠳ ᠢ ᠤᠷᠠᠨ ᠪᠠᠷᠢᠯᠳᠤᠭᠠᠨ ᠢᠶᠠᠷ ᠬᠠᠶᠠᠵᠤ ᠪᠠᠶᠢᠭ᠎ᠠ ᠸᠢᠳᠢᠤ᠋ ᠪᠢᠴᠢᠯᠭᠡ ᠳᠠᠮᠵᠢᠭᠳᠠᠨ ᠦᠵᠡᠭᠰᠡᠨ ᠬᠠᠷᠠᠭᠰᠠᠨ ᠬᠥᠮᠥᠰ ᠢ ᠤᠤᠬᠠᠢ ᠠᠯᠳᠠᠭᠤᠯᠵᠤ ᠪᠠᠶᠢᠯ᠎ᠠ᠃ ᠲᠡᠭᠦᠨ ᠢ ᠪᠠᠲᠤᠴᠢᠭᠢᠷᠠᠭ ᠭᠡᠲᠡᠭ᠃ ᠰᠢᠯᠤᠭᠤᠨ ᠬᠥᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠪᠠᠶᠠᠠᠰᠦ᠋ᠷᠦᠭ ᠭᠠᠴᠠᠭᠠᠨ ᠤ ᠮᠠᠯᠴᠢᠨ ᠮᠥᠷᠡᠨ᠂ ᠨᠠᠷᠠᠰᠤ ᠶᠢᠨ ᠪᠠᠭ᠎ᠠ ᠬᠦᠦ ᠨᠢ ᠪᠣᠯᠣᠨ᠎ᠠ᠃ ᠡᠨᠡ ᠵᠢᠯ 10 ᠨᠠᠰᠤᠲᠠᠢ ᠪᠠᠲᠤᠴᠢᠭᠢᠷᠠᠭ ᠰᠠᠩ ᠤᠨ ᠲᠠᠯᠠᠢ ᠪᠠᠭ᠎ᠠ ᠰᠤᠷᠭᠠᠭᠤᠯᠢ ᠶᠢᠨ ᠳᠥᠷᠪᠡᠳᠦᠭᠡᠷ ᠣᠨ ᠳᠤ ᠰᠤᠷᠤᠯᠴᠠᠵᠤ ᠪᠤᠢ᠃
6386303324244975687186535.png
          ᠪᠠᠲᠤᠴᠢᠭᠢᠷᠠᠭ ᠤᠨ ᠨᠠᠭᠠᠴᠤ ᠶᠢᠨ ᠲᠠᠯ᠎ᠠ ᠳᠤ ᠴᠠᠭᠢᠯᠭᠠᠨ ᠴᠠᠷᠢᠠᠲᠤᠩᠷᠤᠪ ᠭᠡᠵᠦ ᠨᠠᠷᠠᠲᠠᠢ ᠪᠥᠬᠡᠴᠢᠨ ᠪᠠᠶᠢᠵᠠᠢ᠃ ᠪᠥᠬᠡᠴᠢᠨ ᠤᠳᠤᠮ ᠲᠠᠢ ᠠᠶᠢᠯ ᠳᠤ ᠵᠠᠶᠠᠭᠠᠭᠰᠠᠨ ᠪᠠᠲᠤᠴᠢᠭᠢᠷᠠᠭ ᠰᠠᠩ ᠤᠨ ᠲᠠᠯᠠᠢ ᠪᠠᠭ᠎ᠠ ᠰᠤᠷᠭᠠᠭᠤᠯᠢ ᠶᠢᠨ ᠪᠦᠭᠡ ᠶᠢᠨ ᠳᠠᠰᠬᠠᠯᠵᠢᠭᠤᠯᠤᠭᠴᠢ ᠨᠣᠮᠢᠨᠳᠠᠯᠠᠢ ᠠᠴᠠ ᠮᠣᠩᠭᠤᠯ ᠪᠦᠭᠡ ᠪᠠ ᠵᠢᠣᠳᠣᠣ ᠪᠦᠭᠡ ᠪᠠᠷ ᠪᠣᠯᠪᠠᠰᠤᠷᠠᠯ ᠭᠦᠷᠲᠠᠭᠡᠤᠨ 3 ᠵᠢᠯ ᠪᠣᠯᠵᠤ ᠪᠤᠢ᠃ ᠶᠡᠷᠦ ᠨᠢ ᠪᠡᠶ᠎ᠡ ᠪᠠᠭ᠎ᠠ ᠲᠠᠢ ᠪᠠᠲᠤᠴᠢᠭᠢᠷᠠᠭ ᠪᠠᠭᠰᠢ ᠪᠠᠨ ᠲᠠᠭᠠᠵᠤ ᠪᠣᠯᠪᠠᠰᠤᠷᠠᠯ ᠢᠶᠠᠨ ᠰᠠᠶᠢᠨ ᠪᠡᠶᠡᠯᠡᠭᠦᠯᠳᠡᠭ ᠢᠶᠠᠷ ᠪᠠᠷᠠᠬᠤ ᠦᠭᠡᠢ ᠬᠡᠵᠢᠶᠡᠳᠡ ᠪᠡᠶ᠎ᠡ ᠠᠴᠠ ᠪᠠᠨ ᠲᠣᠮᠣ ᠬᠡᠦᠬᠡᠳ ᠲᠠᠢ ᠪᠠᠷᠢᠯᠳᠤᠵᠤ ᠪᠣᠯᠪᠠᠰᠤᠷᠠᠳᠠᠭ᠃ ᠠᠩᠬᠠᠳᠠᠭᠴᠢ ᠤᠳᠠᠭᠠᠨ ᠤ ︽ᠲᠠᠷᠬᠠᠨ ᠠᠪᠤᠷᠭᠤ ᠬᠠᠲᠠ︾ ᠨᠠᠷᠠᠮᠵᠢᠲᠤ ᠥᠰᠪᠦᠷᠢ ᠪᠠᠭᠠᠴᠤᠳ ᠤᠨ 128 ᠪᠦᠭᠡ ᠶᠢᠨ ᠪᠠᠷᠢᠯᠳᠤᠭᠠᠨ ᠳᠤ ᠲᠠᠷᠠ ᠤᠷᠠᠨ ᠪᠠᠷᠢᠯᠳᠤᠭᠠᠨ ᠢᠶᠠᠷ ᠲᠣᠮᠣ ᠪᠡᠶ᠎ᠡ ᠲᠠᠢ ᠬᠡᠦᠬᠡᠳ  ᠤᠳ ᠢ ᠴᠤᠪᠤᠭᠤᠯᠤᠨ ᠬᠠᠶᠠᠵᠤ ᠳᠡᠭᠡᠳᠦ ᠨᠠᠢᠮᠠ ᠳᠤ ᠲᠠᠪᠢᠵᠤ᠂ ᠪᠠᠲᠤᠴᠢᠭᠢᠷᠠᠭ ᠤᠷᠠᠨ ᠪᠠᠷᠢᠯᠳᠤᠭᠠᠨ ᠭᠠᠷᠭᠠᠭᠰᠠᠨ ᠢᠶᠠᠷ ︽ᠲᠠᠶᠢᠴᠢᠨ ᠠᠪᠤᠷᠭᠤ ᠰᠡᠴᠡᠨᠪᠥ᠋ᠬᠡ︾ ᠬᠡᠮᠡᠬᠦ ᠬᠤᠨᠳᠠᠭ᠎ᠠ ᠶᠢ ᠭᠠᠷᠲᠠᠵᠠᠢ᠃          ︽ᠪᠠᠲᠤᠴᠢᠭᠢᠷᠠᠭ ᠨᠢᠳᠤᠨᠤᠨ ᠠᠴᠠ ᠨᠡᠯᠢᠶᠡᠳ ᠴᠢᠩᠭᠠᠷᠠᠵᠠᠢ᠃ ᠲᠠᠷᠠ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠭᠦᠷᠲᠠᠯ᠎ᠠ ᠰᠤᠷᠭᠠᠭᠤᠯᠢ ᠳᠠᠭᠠᠨ ᠪᠣᠯᠪᠠᠰᠤᠷᠠᠯ ᠬᠦᠷᠲᠡᠵᠦ᠂ ᠭᠠᠷᠠᠭ ᠤᠨ ᠵᠢᠷᠭᠤᠭᠠᠨ᠂ ᠭᠠᠷᠠᠭ ᠤᠨ ᠡᠳᠦᠷ ᠨᠠᠳᠠ ᠶᠢ ᠲᠠᠭᠠᠵᠤ ᠬᠤᠰᠢᠭᠤᠨ ᠲᠥᠪ ᠱᠠᠩᠳᠤ ᠪᠠᠯᠭᠠᠰᠤᠨ ᠳᠤ ᠬᠦᠷᠴᠦ ᠪᠣᠯᠪᠠᠰᠤᠷᠠᠯ ᠬᠢᠳᠡᠭ᠃ ᠪᠣᠯᠪᠠᠰᠤᠷᠠᠯ ᠢ ᠪᠣᠯ ᠳᠠᠪᠠᠭᠤᠯᠤᠨ ᠪᠡᠶᠡᠯᠡᠭᠦᠯᠳᠡᠭ ᠠᠴᠠ ᠪᠢᠰᠢ ᠶᠡᠷᠦ ᠨᠢ ᠨᠠᠵᠠᠭᠠᠶᠢᠷᠠᠳᠠᠭ ᠦᠭᠡᠢ᠃ ᠲᠡᠭᠦᠨ ᠤ ᠪᠡᠶ᠎ᠡ ᠨᠢ ᠪᠠᠭ᠎ᠠ ᠴᠦ ᠤᠶᠠᠨ ᠬᠠᠲᠠᠨ᠂ ᠬᠦᠴᠦ ᠲᠠᠢ᠂ ᠲᠤᠨᠤᠭ᠎ᠠ ᠰᠠᠶᠢᠲᠠᠢ᠂ ᠪᠤᠰᠢᠭᠤ ᠱᠠᠯᠠᠮᠠᠭᠠᠢ᠂ ᠮᠡᠭᠡ ᠮᠡᠷᠭᠡᠵᠢᠯ ᠢ ᠲᠤᠭᠤᠰᠢᠲᠠᠢ ᠰᠠᠶᠢᠨ ᠬᠢᠳᠡᠭ ᠬᠡᠦᠬᠡᠳ ᠰᠢᠤ︾ ᠭᠡᠵᠦ ᠨᠣᠮᠢᠨᠳᠠᠯᠠᠢ ᠱᠠᠪᠢ ᠪᠠᠷ ᠢᠶᠠᠨ ᠪᠠᠭ᠋ᠠᠷᠬᠠᠨ ᠶᠠᠷᠢᠨ᠎ᠠ᠃          ᠪᠠᠲᠤᠴᠢᠭᠢᠷᠠᠭ 2023 ᠣᠨ ᠳᠤ ᠶᠡᠭᠡ ᠪᠠᠭ᠎ᠠ ᠨᠠᠶᠢᠷ ᠤᠨ ᠬᠡᠦᠬᠡᠳ ᠤᠨ ᠪᠦᠭᠡ ᠳᠤ ᠤᠲᠤ ᠲᠠᠢ ᠪᠠᠷᠢᠯᠳᠤᠵᠤ᠂ 128 ᠪᠦᠭᠡ ᠲᠠᠢ ᠨᠠᠶᠢᠷ ᠲᠤ 1 ᠤᠳᠠᠭ᠎ᠠ ᠳᠡᠳ᠋ᠯᠡᠵᠦ᠂ 64 ᠪᠦᠭᠡ ᠲᠠᠢ ᠨᠠᠶᠢᠷ ᠲᠤ 1 ᠤᠳᠠᠭ᠎ᠠ ᠲᠡᠷᠢᠭᠦᠯᠡᠵᠦ᠂ 4 ᠤᠳᠠᠭ᠎ᠠ ᠳᠡᠳ᠋ᠯᠡᠪᠡ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ