ᠬᠤᠨᠢ ᠢᠮᠠᠭ᠎ᠠ︵ᠪᠤᠭ ᠮᠠᠯ︶ ᠶᠢ ᠵᠢᠯ ᠪᠦᠷᠢ ᠶᠢᠨ ᠡᠪᠦᠯ ᠤᠨ ᠠᠭᠤᠷ ᠢᠶᠠᠷ ᠬᠤᠴᠠ ᠲᠡᠭᠡ ᠲᠠᠯᠪᠢᠵᠤ᠂ ᠳᠠᠷᠠᠭ᠎ᠠ ᠵᠢᠯ ᠤᠨ ᠨᠡᠭᠡᠭᠡᠭᠰᠡᠨ ᠬᠠᠩᠰᠢ ᠶᠢᠨ | ᠦᠶ᠎ᠡ ᠪᠠᠷ ᠲᠥᠯ ᠲᠣᠰᠳᠠᠭ᠃ ᠬᠤᠨᠢ ᠢᠮᠠᠭᠠᠨ ᠤ ᠬᠡᠭᠡᠯ ᠲᠠᠢ ᠬᠤᠭᠤᠴᠠᠭ᠎ᠠ ᠲᠠᠪᠤᠨ ᠰᠠᠷ᠎ᠠ᠃ | ᠲᠥᠯ ᠲᠣᠰᠬᠤ ᠠᠴᠠ ᠡᠮᠦᠨ᠎ᠡ ᠲᠥᠯ ᠲᠣᠰᠬᠤ ᠬᠠᠪᠤᠷᠵᠢᠶ᠎ᠠ ᠶᠢ ᠪᠡᠯᠴᠢᠭᠡᠷ ᠰᠠᠶᠢᠲᠠᠢ᠂ ᠨᠥᠮᠥᠷᠢ ᠰᠠᠶᠢᠲᠠᠢ ᠭᠠᠵᠠᠷ ᠢ ᠰᠣᠩᠭᠤᠵᠤ᠂ ᠬᠠᠰᠢᠶ᠎ᠠ ᠬᠤᠷᠢᠶ᠎ᠠ | ᠪᠠᠨ ᠳᠤᠯᠠᠭᠠᠯᠠᠵᠤ᠂ ᠲᠥᠯ ᠤᠨ ᠤᠭᠤᠲᠠ ᠪᠠᠨ ᠪᠡᠯᠡᠨ ᠪᠣᠯᠭᠠᠳᠠᠭ᠃ ᠲᠥᠯᠯᠡᠬᠦ ᠡᠮ᠎ᠡ ᠬᠤᠨᠢ ᠶᠢ ᠶᠡᠷᠦᠩᠬᠡᠢ ᠳᠤ ᠪᠠᠨ300~500 ᠪᠠᠷ ᠨᠢᠭᠡ ᠰᠦᠷᠦᠭ᠂ | ᠲᠥᠯᠯᠡᠬᠦ ᠡᠮ᠎ᠡ ᠢᠮᠠᠭ᠎ᠠ ᠶᠢ ᠡᠮ᠎ᠡ ᠬᠤᠨᠢᠨ ᠠᠴᠠ ᠴᠥᠭᠡᠨ ᠰᠢᠭ ᠪᠠᠶᠢᠯᠭᠠᠳᠠᠭ᠃ | ᠠᠳᠤᠭᠤᠨ ᠤ ᠬᠡᠭᠡᠯ ᠲᠠᠢ ᠬᠤᠭᠤᠴᠠᠭ᠎ᠠ11 ᠰᠠᠷ᠎ᠠ᠂ ᠦᠬᠡᠷ ᠤᠨ ᠬᠡᠭᠡᠯ ᠲᠠᠢ ᠬᠤᠭᠤᠴᠠᠭ᠎ᠠ9 ᠰᠠᠷ᠎ᠠ᠂ ᠲᠡᠮᠡᠭᠡᠨ ᠤ ᠬᠡᠭᠡᠯ ᠲᠠᠢ ᠬᠤᠭᠤᠴᠠᠭ᠎ᠠ12 ᠰᠠᠷ᠎ᠠ | ᠪᠣᠯᠣᠨ᠎ᠠ᠃ ᠭᠡᠭᠦᠦ ᠰᠦᠷᠦᠭ ᠲᠤ ᠪᠠᠨ ᠲᠥᠯᠯᠡᠳᠡᠭ᠃ ᠢᠩᠭᠡ ᠪᠠ ᠦᠨᠢᠶ᠎ᠡ ᠶᠢ ᠬᠠᠰᠢᠬᠤ ᠪᠤᠶᠤ ᠪᠡᠯᠴᠢᠭᠡᠷ ᠲᠤ ᠨᠢ ᠣᠴᠢᠵᠤ ᠦᠵᠡᠵᠦ ᠪᠠᠶᠢᠭᠠᠳ ᠲᠥᠯᠯᠡᠭᠦᠯᠳᠡᠭ᠃ |