ᠠᠳᠤᠭᠤ ᠰᠤᠷᠭᠠᠬᠤ
ᠨᠡᠶᠢᠲᠡᠯᠡᠭᠰᠡᠨ ᠴᠠᠭ᠄
2024/11/12
          ᠠᠳᠤᠭᠤ ᠶᠢ ᠤᠨᠤᠬᠤ᠂ ᠬᠥᠯᠯᠡᠬᠦ᠂ ᠰᠠᠭᠠᠬᠤ ᠳᠤ ᠰᠤᠷᠭᠠᠨ᠎ᠠ᠃ ᠤᠨᠤᠬᠤ ᠳᠤ ᠰᠤᠷᠭᠠᠬᠤ ᠳᠤ ᠪᠠᠨ ᠤᠨᠠᠭᠠᠨ ᠳᠤ ᠨᠢ ᠤᠶᠠᠵᠤ ᠰᠤᠷᠭᠠᠨ᠎ᠠ᠃ ᠤᠶᠠᠭᠠᠨ ᠤ ᠤᠨᠠᠭ᠎ᠠ ᠮᠢᠬ᠎ᠠ ᠴᠢᠩᠭ᠎ᠠ᠂ ᠪᠡᠶ᠎ᠡ ᠥᠯᠴᠢᠷ ᠪᠠᠶᠢᠵᠤ᠂ ᠬᠦᠢᠲᠡᠨ ᠳᠤ ᠳᠠᠭᠠᠷᠠᠬᠤ ᠦᠭᠡᠢ᠂ ᠬᠦᠳᠡᠷ ᠴᠢᠭᠢᠷᠠᠭ ᠪᠣᠯᠳᠠᠭ᠃ ᠲᠠᠭᠠᠨ ᠳᠤ ᠨᠢ ᠰᠤᠷᠭᠠᠬᠤ ᠳᠤ ᠰᠠᠭᠤᠷᠢ ᠲᠠᠯᠪᠢᠵᠤ᠂ ᠲᠣᠯᠣᠭᠠᠢ ᠪᠠᠨ ᠮᠡᠳᠡᠭᠰᠡᠨ ᠨᠣᠮᠣᠬᠠᠨ ᠠᠭᠠᠰᠢ ᠲᠠᠢ ᠪᠣᠯᠳᠠᠭ᠃ ᠲᠠᠭᠠᠨ ᠳᠤ ᠨᠢ ᠬᠡᠦᠬᠡᠳ ᠪᠤᠶᠤ ᠬᠥᠩᠭᠡᠨ ᠪᠡᠶ᠎ᠡ ᠲᠠᠢ ᠬᠥᠮᠥᠨ ᠤᠨᠤᠵᠤ ᠰᠤᠷᠭᠠᠨ᠎ᠠ᠃ ᠬᠠᠷᠢᠨ ᠰᠢᠳᠦᠯᠡᠩ ᠳᠤ ᠨᠢ ᠳᠡᠮᠡᠢ ᠤᠨᠤᠬᠤ ᠦᠭᠡᠢ ᠭᠠᠮᠨᠠᠵᠤ᠂ ᠬᠢᠵᠠᠭᠠᠯᠠᠩ ᠪᠣᠯᠬᠤ ᠳᠤ ᠨᠢ ᠤᠨᠤᠯᠭ᠎ᠠ ᠳᠤ ᠠᠭᠠᠵᠢᠮ ᠢᠶᠠᠷ ᠳᠠᠰᠬᠠᠵᠤ ᠭᠠᠮᠲᠠᠢ ᠡᠳ᠋ᠯᠡᠳᠡᠭ᠃ ᠪᠠᠰᠠ ᠬᠠᠪᠴᠢᠭ ᠰᠣᠶᠣᠭᠠᠯᠠᠩ︵6 ᠨᠠᠰᠤ ᠲᠠᠢ︶ ᠮᠣᠷᠢ ᠶᠢ ᠨᠠᠶᠢᠷ ᠲᠤ ᠤᠶᠠᠳᠠᠭ ᠦᠭᠡᠢ᠃          ᠮᠣᠷᠢ ᠶᠢ ᠤᠨᠤᠵᠤ ᠡᠳ᠋ᠯᠡᠬᠦ ᠳᠤ ᠪᠠᠨ ᠮᠠᠰᠢ ᠬᠠᠶᠢᠷᠠᠯᠠᠵᠤ ᠣᠯᠠᠨ ᠵᠦᠢᠯ ᠤᠨ ᠠᠷᠭ᠎ᠠ ᠪᠠᠷᠢᠯ ᠢ ᠬᠡᠷᠡᠭᠯᠡᠳᠡᠭ᠃ ᠪᠠᠭ᠎ᠠ ᠨᠠᠰᠤᠨ ᠤ ᠠᠳᠤᠭᠤ ᠶᠢ ᠴᠢᠳᠦᠷ ᠲᠤ ᠰᠤᠷᠭᠠᠬᠤ ᠳᠤ ᠪᠠᠨ ᠴᠢᠳᠦᠷᠯᠡᠭᠰᠡᠨ ᠤ ᠳᠠᠷᠠᠭ᠎ᠠ ᠰᠡᠭᠦᠯ ᠠᠴᠠ ᠨᠢ ᠴᠢᠩᠭᠠᠵᠤ᠂ ᠬᠡᠳᠦᠨ ᠤᠳᠠᠭ᠎ᠠ ᠴᠢᠳᠦᠷ ᠎ ᠢ ᠨᠢ ᠮᠡᠳᠡᠷᠡᠭᠦᠯᠦᠭᠰᠡᠨ ᠤ ᠳᠠᠷᠠᠭ᠎ᠠ ᠰᠠᠶ᠋ᠢ ᠲᠠᠯᠪᠢᠳᠠᠭ᠃          ᠨᠠᠰᠤ ᠭᠦᠢᠴᠡᠭᠰᠡᠨ᠂ ᠬᠦᠳᠡᠷ᠂ ᠨᠣᠮᠣᠬᠠᠨ ᠠᠭᠠᠰᠢ ᠲᠠᠢ ᠮᠣᠷᠢ ᠶᠢ ᠲᠡᠷᠭᠡᠨ ᠳᠤ ᠬᠥᠯᠯᠡᠵᠦ ᠰᠤᠷᠭᠠᠨ᠎ᠠ᠃ ᠭᠡᠭᠦᠦ ᠶᠢ ᠰᠠᠭᠠᠵᠤ ᠰᠤᠷᠭᠠᠬᠤ ᠳᠤ ᠪᠠᠨ ᠤᠶᠠᠵᠤ ᠴᠢᠳᠦᠷᠯᠡᠬᠦ ᠪᠤᠶᠤ ᠬᠤᠶᠢᠰᠢᠯᠳᠠᠵᠤ ᠰᠠᠭᠠᠳᠠᠭ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ