ᠲᠡᠮᠡᠭᠡ ᠰᠤᠷᠭᠠᠬᠤ
ᠨᠡᠶᠢᠲᠡᠯᠡᠭᠰᠡᠨ ᠴᠠᠭ᠄
2024/11/12
          ᠲᠡᠮᠡᠭᠡ ᠶᠢ ᠤᠨᠤᠬᠤ᠂ ᠬᠥᠯᠯᠡᠬᠦ᠂ ᠠᠴᠢᠬᠤ᠂ ᠰᠠᠭᠠᠬᠤ ᠳᠤ ᠰᠤᠷᠭᠠᠨ᠎ᠠ᠃ ᠲᠡᠮᠡᠭᠡ ᠶᠢ ᠤᠨᠤᠵᠤ ᠰᠤᠷᠭᠠᠬᠤ ᠳᠤ ᠰᠤᠷᠭ᠎ᠠ ᠨᠠᠰᠤᠨ ᠳᠤ ᠨᠢ ᠡᠪᠦᠯ ᠤᠨ ᠡᠬᠢ ᠪᠠᠷ ᠰᠤᠷᠭᠠᠳᠠᠭ᠃ ᠡᠮᠨᠢᠭ ᠲᠡᠮᠡᠭᠡ ᠰᠤᠷᠭᠠᠬᠤ ᠳᠤ ᠪᠠᠨ ᠪᠠᠷᠢᠭᠤᠬᠠᠨ ᠨᠣᠭᠲᠣ ᠪᠠᠷ ᠨᠣᠭᠲᠣᠯᠠᠵᠤ᠂ ᠬᠤᠶᠠᠷ ᠵᠢᠯᠣᠭᠤ ᠪᠠᠷ ᠠᠴᠠᠯᠠᠨ ᠤᠶᠠᠳᠠᠭ᠃ ᠰᠤᠷᠭᠠᠬᠤ ᠠᠴᠠ ᠡᠮᠦᠨ᠎ᠡ ᠭᠡᠳᠡᠰᠦ ᠶᠢ ᠨᠢ ᠰᠢᠪᠬᠠᠷᠠᠭᠠᠨ᠎ᠠ᠃ ᠲᠡᠭᠡᠭᠡᠳ ᠠᠶᠢᠯ ᠠᠴᠠ ᠵᠠᠶᠢᠲᠠᠢ ᠠᠪᠠᠴᠢᠵᠤ ᠵᠢᠯᠣᠭᠤ ᠪᠠ ᠪᠤᠷᠠᠨᠲᠠᠭ ᠠᠴᠠ ᠨᠢ ᠪᠠᠷᠢᠵᠤ ᠲᠣᠯᠣᠭᠠᠢ ᠶᠢ ᠨᠢ ᠵᠥᠪ ᠲᠠᠯ᠎ᠠ ᠤᠷᠤᠭᠤ ᠨᠢ ᠪᠥᠬᠦᠶᠢᠯᠭᠡᠨ ᠳᠠᠷᠤᠭᠠᠳ︽ᠰᠤᠭ ᠰᠤᠭ︾ ᠭᠡᠵᠦ ᠬᠡᠪᠲᠡᠭᠦᠯᠦᠭᠰᠡᠨ ᠤ ᠰᠡᠭᠦᠯᠡᠷ ᠲᠣᠬᠤᠪᠴᠢ ᠦᠭᠡᠢ ᠵᠠᠶᠢᠳᠠᠩ ᠮᠣᠷᠳᠠᠵᠤ ᠵᠥᠭᠡᠯᠡᠨ ᠠᠯᠬᠤᠯᠠᠭᠤᠯᠬᠤ ᠪᠤᠶᠤ ᠲᠡᠮᠡᠭᠡ ᠲᠠᠢ ᠬᠥᠮᠥᠨ ᠲᠠᠢ ᠪᠠᠷᠠᠳᠠᠭᠤᠯᠤᠨ ᠶᠠᠪᠤᠭᠤᠯᠤᠨ᠎ᠠ᠃ ᠬᠡᠪᠲᠡᠭᠡᠳ ᠪᠣᠰᠳᠠᠭ ᠦᠭᠡᠢ ᠲᠡᠮᠡᠭᠡᠨ ᠤ ᠡᠪᠴᠢᠭᠦᠨ ᠳᠣᠣᠷ᠎ᠠ ᠨᠢ ᠪᠤᠲᠠ ᠮᠠᠯ ᠤᠨ ᠡᠪᠴᠢᠭᠦᠨ ᠤ ᠶᠠᠰᠤ ᠵᠡᠷᠭᠡ ᠬᠠᠲᠠᠭᠤ ᠶᠠᠭᠤᠮ᠎ᠠ ᠤᠶᠠᠵᠤ ᠳᠣᠣᠷ᠎ᠠ ᠠᠴᠠ ᠨᠢ ᠨᠤᠬᠤᠬᠤ ᠪᠠᠷ ᠳᠠᠷᠤᠢ ᠪᠣᠰᠳᠠᠭ ᠪᠣᠯᠭᠠᠨ᠎ᠠ᠃          ᠳᠣᠭᠰᠢᠨ ᠵᠠᠩᠲᠠᠢ ᠲᠡᠮᠡᠭᠡ ᠶᠢ ᠪᠤᠶᠢᠯᠠᠯᠠᠳᠠᠭ᠃ ᠨᠣᠮᠣᠬᠠᠨ ᠵᠠᠩᠲᠠᠢ ᠲᠡᠮᠡᠭᠡ ᠳᠤ ᠪᠤᠶᠢᠯᠠ ᠬᠢᠳᠡᠭ ᠦᠭᠡᠢ᠃          ᠨᠠᠰᠤ ᠭᠦᠢᠴᠡᠭᠰᠡᠨ ᠠᠲᠠ ᠶᠢ ᠬᠥᠯᠯᠡᠬᠦ ᠪᠤᠶᠤ ᠠᠴᠢᠶ᠎ᠠ ᠲᠡᠭᠡᠭᠡᠬᠦ ᠳᠤ ᠰᠤᠷᠭᠠᠨ ᠬᠡᠷᠡᠭᠯᠡᠳᠡᠭ᠃ ᠲᠡᠮᠡᠭᠡ ᠎ ᠪᠠᠨ ᠲᠤᠰᠢᠵᠤ ᠲᠠᠯᠪᠢᠬᠤ ᠪᠤᠶᠤ ᠵᠢᠯᠣᠭᠤ ᠪᠠᠷ ᠎ ᠨᠢ ᠵᠥᠪ ᠲᠠᠯ᠎ᠠ ᠶᠢᠨ ᠬᠤᠶᠢᠲᠤ ᠬᠥᠯ ᠠᠴᠠ ᠨᠢ ᠤᠶᠠᠵᠤ ᠲᠠᠯᠪᠢᠳᠠᠭ᠃          ᠢᠩᠭᠡ ᠶᠢ ᠰᠠᠭᠠᠵᠤ ᠰᠤᠷᠭᠠᠳᠠᠭ᠃ ᠢᠩᠭᠡᠨ ᠤ ᠰᠦᠨ ᠤ ᠥᠷᠥᠮ᠎ᠡ ᠵᠤᠵᠠᠭᠠᠨ ᠪᠥᠭᠡᠳ ᠲᠣᠰᠣᠯᠢᠭ ᠪᠠᠶᠢᠳᠠᠭ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ