ᠬᠦᠯᠦᠨ ᠨᠠᠭᠤᠷ ᠤᠨ ᠵᠡᠭᠦᠨ ᠬᠦᠪᠡᠭᠡᠨ ᠳᠦ ᠪᠠᠶᠢᠳᠠᠭ | ᠡᠬᠡ ᠶᠢᠨ ᠬᠣᠶᠠᠷ ᠬᠥᠬᠥ ᠰᠢᠭ ᠬᠣᠯᠪᠤᠭ᠎ᠠ ᠬᠣᠶᠠᠷ ᠠᠭᠤᠯᠠ ᠶᠢ | ᠨᠤᠲᠤᠭ ᠤᠨ ᠬᠢᠨ︽ ᠬᠣᠯᠪᠤᠭ᠎ᠠ ᠠᠭᠤᠯᠠ︾ ᠪᠤᠶᠤ︽ ᠰᠢᠭᠢᠷ᠎ᠠ | ᠬᠣᠯᠪᠤᠭ᠎ᠠ︾ ᠭᠡᠳᠡᠭ᠃ | ᠲᠤᠰ ᠵᠢᠭᠤᠯᠴᠢᠯᠠᠯ ᠤᠨ ᠣᠷᠤᠨ ᠨᠢ ᠭᠣᠣᠯᠳᠠᠭᠤ ᠬᠦᠯᠦᠨ | ᠨᠠᠭᠤᠷ ᠤᠨ ᠤᠰᠤ᠂ ᠠᠯᠲᠠᠨ ᠰᠢᠷᠭᠠᠯ ᠡᠯᠡᠰᠦᠨ ᠲᠠᠩ ᠬᠢᠭᠡᠳ | ᠠᠭᠤᠯᠠ ᠲᠠᠯ᠎ᠠ᠂ ᠭᠣᠣᠯ ᠭᠣᠷᠤᠬ᠎ᠠ ᠪᠦᠷᠢᠳᠦᠭᠰᠡᠨ ᠪᠠᠷᠭᠤ | ᠨᠤᠲᠤᠭ ᠤᠨ ᠤᠤᠭᠠᠯ ᠳᠦᠷᠬᠦ ᠶᠢ ᠬᠠᠳᠠᠭᠠᠯᠠᠭᠰᠠᠨ ᠲᠡᠥᠬᠡᠲᠦ | ᠵᠢᠭᠤᠯᠴᠢᠯᠠᠯ ᠤᠨ ᠣᠷᠤᠨ ᠪᠣᠯᠤᠨ᠎ᠠ᠃ ᠡᠨᠳᠡ ᠬᠦᠯᠦᠨ ᠨᠠᠭᠤᠷ ᠤᠨ | ᠤᠰᠤ ᠦᠢᠯᠤᠨ ᠴᠣᠶᠢᠯᠠᠨ ᠳᠠᠪᠠᠯᠭᠠᠯᠠᠵᠤ᠂ ᠵᠢᠭᠠᠰᠤ ᠵᠢᠷᠠᠭᠠᠬᠠᠢ | ᠨᠢ ᠵᠢᠷᠪᠢᠯᠵᠡᠨ ᠢᠷᠠᠯᠵᠠᠨ ᠱᠤᠮᠪᠠᠵᠤ᠂ ᠵᠦᠢᠯ ᠦᠨ ᠰᠢᠪᠠᠭᠤᠳ ᠨᠢ | ᠬᠠᠯᠢᠨ ᠳᠡᠭᠦᠯᠢᠨ ᠰᠣᠮᠤᠳᠠᠵᠤ᠂ ᠬᠣᠯᠠ ᠶᠢᠨ ᠲᠡᠷᠲᠡᠭᠡ | ᠬᠦᠪᠡᠭᠡᠨ᠎ᠡ ᠠᠭᠤᠯᠠᠰ ᠬᠦᠬᠡᠷᠡᠨ ᠰᠦᠨᠳᠡᠷᠯᠡᠵᠦ᠂ ᠬᠥᠳᠡᠭᠡ | ᠨᠤᠲᠤᠭ ᠤᠨ ᠦᠵᠡᠮᠵᠢ ᠬᠠᠷᠠᠬᠤ ᠨᠢᠳᠦᠨ᠎ᠡ ᠲᠣᠳᠤᠷᠠᠨ | ᠬᠣᠯᠠᠳᠠᠵᠤ᠂ ᠬᠦᠷᠦᠯᠴᠡᠨ ᠢᠷᠡᠭᠰᠡᠨ ᠬᠦᠮᠦᠰ ᠦᠨ ᠬᠦᠰᠡᠯ | ᠰᠡᠳᠬᠢᠯ ᠢ ᠠᠷᠭᠠᠮᠵᠢᠨ ᠲᠠᠲᠠᠳᠠᠭ ᠪᠠᠶᠢᠨ᠎ᠠ᠃ | ᠬᠥᠯᠦᠨ ᠨᠠᠭᠤᠷ ᠪᠣᠯ ᠮᠠᠨ ᠤ ᠤᠯᠤᠰ ᠤᠨ ᠳᠦᠷᠪᠡᠨ ᠶᠡᠬᠡ | ᠴᠡᠩᠬᠡᠭ ᠨᠠᠭᠤᠷ ᠤᠨ ᠨᠢᠭᠡ ᠪᠦᠭᠡᠳ ᠦᠪᠦᠷ ᠮᠣᠩᠭᠤᠯ ᠤᠨ | ᠬᠠᠮᠤᠭ ᠤᠨ ᠲᠣᠮᠤ ᠨᠠᠭᠤᠷ ᠶᠤᠮ᠂ ᠤᠯᠤᠰ ᠤᠨ ᠳᠡᠰ ᠦᠨ | ᠪᠠᠶᠢᠭᠠᠯᠢ ᠶᠢᠨ ᠬᠠᠮᠠᠭᠠᠯᠠᠯᠲᠠ ᠶᠢᠨ ᠣᠷᠤᠨ ᠪᠦᠭᠡᠳ35 | ᠲᠦᠷᠦᠯ ᠦᠨ ᠬᠡᠭᠡᠷ᠎ᠡ ᠶᠢᠨ ᠠᠮᠢᠲᠠᠨ᠂284 ᠲᠦᠷᠦᠯ ᠦᠨ | ᠵᠢᠭᠦᠷᠲᠡᠨ ᠰᠢᠪᠠᠭᠤ᠂26 ᠲᠦᠷᠦᠯ ᠦᠨ ᠵᠢᠭᠠᠰᠤ ᠠᠮᠢᠳᠤᠷᠠᠵᠤ | ᠪᠠᠶᠢᠳᠠᠭ ᠶᠤᠮ᠃ | ᠲᠤᠰ ᠵᠢᠭᠤᠯᠴᠢᠯᠠᠯ ᠤᠨ ᠣᠷᠤᠨ ᠨᠢ ᠬᠤᠰᠢᠭᠤᠨ ᠲᠥᠪ | ᠠᠮᠤᠭᠤᠯᠠᠩ ᠠᠴᠠ ᠬᠣᠶᠢᠰᠢ102 ᠺᠢᠯᠣᠮᠧᠲᠷ᠂ ᠬᠠᠶᠢᠯᠠᠷ | ᠬᠣᠲᠠ ᠠᠴᠠ ᠪᠠᠷᠠᠭᠤᠨᠰᠢ180 ᠺᠢᠯᠣᠮᠧᠲᠷ᠂ ᠬᠢᠯᠢ ᠶᠢᠨ ᠪᠣᠭᠤᠮᠲᠠ | ᠮᠠᠨᠵᠤᠤᠷ ᠬᠣᠲᠠ ᠠᠴᠠ ᠵᠡᠭᠦᠨ ᠡᠮᠦᠨᠡᠰᠢ 60 ᠺᠢᠯᠣᠮᠧᠲᠷ | ᠵᠠᠶᠢᠲᠠᠢ ᠪᠠᠶᠢᠷᠢᠰᠢᠨᠡ᠃ | |