ᠪᠠᠷᠭᠤᠴᠤᠳ ᠤᠨ ᠳᠡᠭᠡᠰᠦᠨ ᠡᠳ᠋ ᠬᠡᠷᠡᠭᠰᠡᠯ ᠪᠣᠯ ᠲᠠᠪᠤᠨ ᠬᠤᠰᠢᠭᠤ ᠮᠠᠯ ᠤᠨ ᠢᠶᠠᠨ ᠨᠣᠣᠰᠣ ᠨᠣᠣᠯᠣᠭᠤᠷ᠂ ᠳᠡᠯ ᠰᠡᠭᠦᠯ᠂ ᠵᠣᠭᠳᠣᠷ ᠢ | ᠪᠣᠯᠪᠠᠰᠤᠷᠠᠭᠤᠯᠵᠤ᠂ ᠢᠮᠡᠷᠦᠨ ᠮᠤᠰᠬᠢᠵᠤ ᠡᠷᠴᠢᠯᠡᠨ ᠬᠢᠭᠰᠡᠨ ᠪᠠᠶᠢᠳᠠᠭ ᠪᠥᠭᠡᠳ ᠲᠡᠷᠡ ᠨᠢ ᠬᠦᠳᠡᠷ ᠪᠠᠬᠢᠯᠢᠭ᠌ ᠤᠶᠠᠭ᠎ᠠ ᠲᠠᠲᠠᠯᠭ᠎ᠠ ᠶᠢᠨ ᠪᠠᠭᠠᠵᠢ ᠪᠣᠯᠬᠤ ᠪᠠᠷ ᠪᠠᠷᠠᠬᠤ | ᠦᠭᠡᠢ ᠤᠷᠠᠨ ᠭᠤᠶᠤ ᠭᠠᠷ ᠤᠷᠠᠯᠠᠯ ᠤᠨ ᠪᠦᠲᠦᠭᠡᠭᠳᠡᠬᠦᠨ ᠴᠦ ᠪᠣᠯᠣᠨ᠎ᠠ᠃ | ᠳᠡᠭᠡᠰᠦ ᠡᠷᠴᠢᠯᠡᠨ ᠲᠠᠮᠤᠬᠤ ᠠᠴᠠ ᠡᠮᠦᠨᠡᠬᠢ ᠪᠡᠯᠡᠳᠬᠡᠯ ᠶᠠᠪᠤᠴᠠ ᠨᠢ ᠶᠠᠭᠤᠨ ᠤ ᠡᠮᠦᠨ᠎ᠡ ᠬᠠᠪᠤᠷ ᠵᠤᠨ ᠤ ᠡᠬᠢ ᠠᠴᠠ ᠠᠳᠤᠭᠤᠨ ᠤ ᠳᠡᠯ ᠰᠡᠭᠦᠯ᠂ | ᠲᠡᠮᠡᠭᠡ ᠬᠤᠨᠢᠨ ᠤ ᠨᠣᠣᠰᠣ ᠨᠣᠣᠯᠣᠭᠤᠷ ᠢᠶᠠᠨ ᠬᠤᠷᠢᠶᠠᠨ ᠠᠪᠴᠤ᠂ ᠳᠠᠷᠠᠭ᠎ᠠ ᠨᠢ ᠪᠣᠯᠪᠠᠰᠤᠷᠠᠭᠤᠯᠤᠨ ᠬᠠᠳᠠᠭᠠᠯᠠᠨ᠎ᠠ᠃ | ᠪᠠᠷᠭᠤᠴᠤᠳ ᠤᠨ ᠦᠷᠬᠦᠯᠵᠢ ᠬᠡᠷᠡᠭᠯᠡᠳᠡᠭ ᠳᠡᠭᠡᠰᠦᠨ ᠡᠳ᠋ᠯᠡᠯ ᠢ ᠭᠡᠷ ᠤᠨ ᠬᠡᠷᠡᠭᠰᠡᠯ᠂ ᠮᠠᠯ ᠤᠨᠤᠯᠭ᠎ᠠ ᠶᠢᠨ ᠬᠡᠷᠡᠭᠰᠡᠯ᠂ ᠲᠡᠷᠭᠡᠨ ᠤ ᠬᠡᠷᠡᠭᠰᠡᠯ᠂ ᠪᠤᠰᠤᠳ | ᠵᠦᠢᠯ ᠤᠨ ᠬᠡᠷᠡᠭᠰᠡᠯ ᠭᠡᠵᠦ ᠬᠤᠪᠢᠶᠠᠨ᠎ᠠ᠃ |