ᠨᠢᠭᠡ᠂ ᠭᠠᠯ ᠲᠠᠬᠢᠬᠤ᠂ ᠢᠳᠡᠭᠡᠨ ᠡᠷᠭᠦᠬᠦ ᠦᠶ᠎ᠡ ᠳᠡᠭᠡᠨ ᠤᠯᠠᠭᠠᠨ ᠰᠠᠪᠬ᠎ᠠ ᠬᠡᠷᠡᠭᠯᠡᠬᠦ ᠶᠢ ᠴᠡᠭᠡᠷᠯᠡᠨ᠎ᠡ᠃ ᠵᠠᠪᠠᠯ ᠭᠠᠷ ᠢᠶᠠᠷ ᠡᠷᠭᠦᠵᠦ ᠲᠠᠬᠢᠨ᠎ᠠ᠃ | ᠬᠤᠶᠠᠷ᠂ ᠭᠠᠯ ᠲᠠᠬᠢᠬᠤ ᠳᠠᠭᠠᠨ ᠭᠠᠯ ᠤᠨ ᠪᠤᠷᠬᠠᠨ ᠰᠣᠴᠢᠬᠤ ᠠᠴᠠ ᠬᠢᠴᠢᠶᠡᠨ ᠭᠠᠯ ᠤᠨ ᠬᠠᠶᠢᠴᠢ ᠪᠠᠨ ᠢᠯᠡ ᠪᠠᠶᠢᠯᠭᠠᠬᠤ ᠶᠢ ᠴᠡᠭᠡᠷᠯᠡᠵᠦ ᠵᠠᠪᠠᠯ | ᠨᠢᠭᠤᠵᠤ ᠲᠠᠯᠪᠢᠳᠠᠭ᠃ | ᠭᠤᠷᠪᠠ᠂ ᠭᠠᠯ ᠲᠠᠬᠢᠭᠰᠠᠨ ᠭᠤᠷᠪᠠᠨ ᠡᠳᠦᠷ ᠲᠤ ᠠᠳᠤᠭᠤ ᠮᠠᠯ᠂ ᠠᠮᠤ ᠲᠠᠷᠢᠶ᠎ᠠ᠂ ᠠᠯᠢᠪᠠ ᠶᠠᠭᠤᠮ᠎ᠠ ᠶᠢ ᠭᠠᠳᠠᠭᠰᠢ ᠭᠠᠷᠭᠠᠬᠤ ᠶᠢ ᠴᠡᠭᠡᠷᠯᠡᠨ᠎ᠡ᠃ | ᠳᠥᠷᠪᠡ᠂ ᠭᠠᠯ ᠲᠠᠬᠢᠭᠰᠠᠨ ᠭᠤᠷᠪᠠᠨ ᠡᠳᠦᠷ ᠲᠤ ᠢᠳᠡᠵᠦ ᠪᠣᠯᠳᠠᠭ ᠦᠭᠡᠢ ᠴᠡᠭᠡᠷ ᠬᠤᠭᠤᠯᠠ ᠪᠣᠯ ᠲᠤᠰᠬᠠᠢ ᠫᠢᠯᠠ ᠳᠤ ᠬᠢᠵᠦ ᠲᠠᠯᠪᠢᠭᠰᠠᠨ | ᠡᠪᠴᠢᠭᠦᠨ ᠤ ᠬᠤᠷᠮᠣᠢ᠂ ᠬᠡᠷᠰᠡᠩ᠂ ᠳᠠᠯᠠᠩ ᠤᠨ ᠮᠢᠬ᠎ᠠ ᠪᠣᠯᠣᠨ᠎ᠠ᠃ | ᠲᠠᠪᠤ᠂ ᠭᠠᠯ ᠲᠠᠬᠢᠬᠤ ᠳᠤ ᠪᠠᠨ ᠬᠠᠷᠢ ᠣᠪᠣᠭ ᠤᠨ ᠬᠥᠮᠥᠨ᠂ ᠲᠠᠨᠢᠬᠤ ᠦᠭᠡᠢ ᠬᠥᠮᠥᠨ ᠣᠷᠤᠯᠴᠠᠬᠤ ᠶᠢ ᠴᠡᠭᠡᠷᠯᠡᠨ᠎ᠡ᠃ ᠭᠠᠯ ᠲᠠᠬᠢᠬᠤ ᠳᠤ ᠭᠡᠷ ᠤᠨ | ᠪᠤᠶᠠᠨ ᠬᠡᠰᠢᠭ ᠢ ᠳᠠᠯᠠᠯᠳᠠᠭ ᠪᠣᠯᠬᠤᠷ ᠪᠤᠰᠤᠳ ᠬᠥᠮᠥᠨ ᠬᠡᠰᠢᠭ ᠪᠤᠶᠠᠨ ᠢ ᠨᠢ ᠠᠪᠤᠭᠠᠳ ᠶᠠᠪᠤᠴᠢᠬᠠᠬᠤ ᠠᠴᠠ ᠬᠡᠷᠰᠡᠦᠯᠡᠭᠰᠡᠨ ᠬᠡᠷᠡᠭ᠃ |