ᠭᠠᠯ ᠤᠨ ᠢᠷᠦᠭᠡᠯ | | | | ᠬᠠᠳᠠᠨ ᠲᠡᠮᠦᠷ ᠡᠴᠢᠭᠡ ᠲᠠᠢ | ᠬᠠᠶᠢᠷ ᠴᠢᠯᠠᠭᠤᠨ ᠡᠬᠡ ᠲᠠᠢ | ᠬᠠᠶᠢᠯᠠᠰᠤᠨ ᠮᠣᠳᠣᠨ ᠬᠦᠭᠵᠢᠭᠡᠪᠦᠷᠢ ᠲᠠᠢ | ᠬᠢᠯᠭᠠᠨ᠎ᠠ ᠡᠪᠡᠰᠦᠨ ᠠᠮᠢ ᠲᠠᠢ | ᠲᠣᠷᠭᠠᠨ ᠨᠢᠭᠤᠷᠲᠤ ᠲᠣᠰᠤᠨ ᠠᠮᠢ ᠲᠠᠢ | ᠠᠯ ᠲᠣᠷᠭᠠᠨ ᠡᠮᠦᠰᠬᠡᠯᠲᠦ | ᠠᠷᠢᠭᠤᠨ ᠭᠡᠭᠡᠨ ᠴᠢᠨᠠᠷᠲᠤ | ᠬᠠᠲᠠᠭᠤ ᠶᠢ ᠲᠦᠯᠡᠭᠴᠢ᠂ ᠬᠠᠷᠠᠩᠭᠤᠢ ᠶᠢ ᠭᠡᠶᠢᠭᠦᠯᠦᠭᠴᠢ | ᠬᠦᠨᠳᠦᠲᠦ ᠭᠠᠯ ᠤᠨ ᠲᠡᠭᠷᠢ ᠳᠤᠷ | ᠬᠦᠵᠢ ᠵᠤᠯᠠ᠂ ᠥᠭᠡᠬᠦ ᠲᠣᠰᠣ ᠪᠠᠨ ᠡᠷᠭᠦᠨ | ᠬᠦᠷᠡᠩ ᠬᠤᠪᠴᠠᠰᠤ ᠪᠠᠷ ᠢᠶᠠᠨ ᠲᠠᠬᠢᠮᠤ | ᠬᠦᠨᠳᠦ ᠨᠠᠰᠤᠨ ᠴᠤᠭ ᠢ ᠰᠣᠶᠣᠷᠬ᠎ᠠ᠃ | ᠬᠤᠷᠤᠢ︕ ᠬᠤᠷᠤᠢ︕ ᠬᠤᠷᠤᠢ︕ | ᠡᠬᠡ ᠭᠠᠯ ᠤᠨ ᠲᠡᠭᠷᠢ ᠳᠤᠷ | ᠡᠯᠳᠡᠪ ᠵᠦᠢᠯ ᠤᠨ ᠲᠠᠬᠢᠯ ᠡᠷᠭᠦᠭᠡᠳ | ᠡᠷᠬᠢᠮ ᠵᠣᠷᠢᠯᠭ᠎ᠠ ᠪᠠᠷ ᠲᠠᠬᠢᠮᠤ | ᠡᠩᠬᠡ ᠨᠠᠰᠤᠨ ᠴᠤᠭ ᠢ ᠰᠣᠶᠣᠷᠬ᠎ᠠ᠃ | ᠪᠤᠷᠬᠠᠨ ᠲᠡᠭᠷᠢ ᠠᠴᠠ ᠪᠣᠯᠤᠭᠰᠠᠨ | ᠪᠢᠰᠢᠷᠡᠯᠲᠡᠨ ᠠᠷᠠᠳ ᠤᠨ ᠲᠠᠬᠢᠭᠰᠠᠨ | ᠪᠢᠯᠢᠭ ᠲᠡᠭᠦᠰ ᠴᠣᠭᠲᠤ ᠭᠠᠯ ᠤᠨ ᠬᠠᠭᠠᠨ | ᠪᠢᠳᠡ ᠪᠦᠬᠦᠨ ᠢᠶᠠᠨ ᠢᠪᠡᠭᠡᠨ ᠰᠣᠶᠣᠷᠬ᠎ᠠ᠃ | ᠣᠭᠲᠠᠷᠭᠤᠢ ᠶᠢᠨ ᠨᠠᠭᠠᠭᠤᠷ | ᠤᠲᠤᠭ᠎ᠠ ᠪᠤᠲᠤᠩ᠂ ᠠᠭᠤᠷ ᠡᠭᠦᠯᠡ ᠶᠢ | ᠤᠨᠢᠶᠠᠷ ᠪᠣᠯᠭᠠᠨ ᠳᠡᠭᠳᠡᠭᠡᠭᠴᠢ | ᠸᠴᠢᠷ ᠲᠡᠮᠦᠷ ᠭᠠᠯ ᠭᠤᠯᠣᠮᠲᠠ | ᠮᠠᠶᠢᠭ᠎ᠠ ᠳᠦᠷᠪᠡᠨ ᠬᠥᠯ ᠲᠠᠢ | ᠮᠠᠨᠲᠠᠷᠢᠭᠤ ᠬᠤᠶᠠᠷ ᠴᠢᠨᠳᠠᠮᠤᠨᠢ ᠲᠠᠢ | ᠲᠥᠭᠦᠷᠢᠭ ᠳᠥᠷᠪᠡᠯᠵᠢᠨ ᠬᠦᠷᠢᠶ᠎ᠡ ᠲᠠᠢ | ᠳᠦᠷᠪᠡᠨ ᠥᠨᠳᠥᠷ ᠲᠣᠲᠣᠭᠤ ᠲᠠᠢ | ᠭᠠᠯ ᠤᠨ ᠡᠷᠳᠡᠨᠢ ᠶᠢᠨ ᠬᠦᠴᠦᠨ ᠲᠡᠭᠦᠰᠦᠭᠰᠡᠨ | ᠭᠠᠯᠪᠢᠷ ᠤᠨ ᠶᠡᠭᠡ ᠰᠢᠲᠦᠭᠡᠨ ᠪᠣᠯᠤᠭᠰᠠᠨ | ᠭᠠᠩ ᠲᠡᠮᠦᠷ ᠲᠤᠯᠭ᠎ᠠ ᠳᠤ ᠪᠠᠨ | ᠰᠡᠮᠡᠵᠡ ᠡᠪᠴᠢᠭᠦᠦ ᠡᠷᠭᠦᠨ ᠮᠦᠷᠭᠦᠶᠦ᠃ | ᠰᠦᠮᠪᠦᠷ ᠠᠭᠤᠯᠠ ᠲᠡᠳᠦᠢ ᠢᠳᠡᠭᠡ | ᠰᠦᠨ ᠳᠠᠯᠠᠢ ᠲᠡᠳᠦᠢ ᠤᠮᠳᠠ ᠶᠢ | ᠰᠦᠷᠲᠦ ᠭᠠᠯ ᠤᠨ ᠬᠠᠭᠠᠨ ᠳᠤᠷ ᠡᠷᠭᠦᠮᠦ | ᠰᠦᠵᠢᠭ ᠰᠡᠳᠬᠢᠯ ᠢᠶᠠᠷ ᠮᠦᠷᠭᠦᠶᠦ᠃ | ᠬᠤᠷᠤᠢ︕ ᠬᠤᠷᠤᠢ︕ ᠬᠤᠷᠤᠢ︕ | ᠥᠷᠥᠰᠢᠶᠡᠯ ᠠᠴᠠ ᠪᠠᠨ ᠪᠣᠯᠤᠭᠰᠠᠨ | ᠦᠨᠡᠨ ᠮᠣᠩᠭᠤᠯ ᠲᠠᠬᠢᠭᠰᠠᠨ | ᠥᠨᠳᠥᠷ ᠲᠡᠭᠦᠰ ᠴᠣᠭᠲᠤ ᠭᠠᠯ ᠤᠨ ᠬᠠᠭᠠᠨ | ᠥᠯᠵᠡᠢ ᠪᠤᠶᠠᠨ᠂ ᠦᠯᠡᠮᠵᠢ ᠪᠤᠶᠠᠨ ᠢ ᠰᠣᠶᠣᠷᠬ᠎ᠠ᠃ | ᠠᠷᠰᠢ ᠭᠠᠯ ᠤᠨ ᠲᠡᠭᠷᠢ ᠡᠬᠢᠯᠡᠨ | ᠠᠪᠤᠷᠠᠭᠴᠢ ᠡᠯ᠎ᠡ ᠪᠦᠭᠦᠳᠡ | ᠠᠮᠤᠷ ᠵᠢᠷᠭᠠᠯ ᠢᠶᠠᠷ ᠡᠬᠢᠯᠡᠨ | ᠠᠯᠢ ᠬᠠᠮᠤᠭ ᠰᠠᠶᠢᠨ ᠢ ᠰᠣᠶᠣᠷᠬ᠎ᠠ᠃ | ᠬᠤᠷᠤᠢ︕ ᠬᠤᠷᠤᠢ︕ ᠬᠤᠷᠤᠢ︕ | ᠠᠮᠢ ᠨᠠᠰᠤᠨ ᠤ ᠰᠢᠳᠢ᠂ ᠠᠳᠤᠭᠤ ᠮᠠᠯ ᠤᠨ ᠬᠡᠰᠢᠭ ᠢ ᠭᠤᠶᠤᠨᠠᠮ | ᠠᠮᠤᠷ ᠰᠠᠶᠢᠨ ᠤ ᠵᠥᠩᠨᠡᠯ᠂ ᠡᠷᠳᠡᠮ ᠨᠣᠮ ᠤᠨ ᠪᠤᠶᠠᠨ ᠢ ᠭᠤᠶᠤᠨᠠᠮ | ᠡᠷᠬᠢᠮ ᠴᠠᠭ ᠤᠨ ᠡᠷᠴᠢ ᠬᠦᠴᠦ | ᠡᠩᠬᠡ ᠮᠥᠩᠬᠡ ᠶᠢᠨ ᠬᠡᠰᠢᠭ ᠢ ᠭᠤᠶᠤᠨᠠᠮ᠃ | ᠬᠥᠮᠥᠨ ᠲᠡᠭᠷᠢ ᠭᠠᠵᠠᠷ ᠭᠤᠷᠪᠠ ᠶᠢᠨ | ᠬᠦᠴᠦ ᠰᠦᠯᠳᠡ ᠪᠤᠶᠠᠨ ᠬᠡᠰᠢᠭ ᠢ | ᠬᠦᠷᠦᠨ ᠢᠷᠡᠭᠦᠯᠵᠦ ᠪᠢᠳᠡᠨ ᠳᠤ | ᠬᠦᠰᠡᠯ ᠢᠶᠠᠷ ᠥᠭᠭᠦᠨ ᠰᠣᠶᠣᠷᠬ᠎ᠠ᠃ | ᠠᠮᠢ ᠨᠠᠰᠤ ᠠᠭᠤᠯᠠ ᠮᠡᠲᠦ ᠪᠠᠲᠤ | ᠠᠷᠪᠢᠨ ᠰᠦᠯᠳᠡ ᠮᠥᠩᠬᠡ ᠲᠦᠭᠡᠮᠡᠯ | ᠠᠰᠢᠳᠠ ᠶᠢᠨ ᠥᠯᠵᠡᠢ ᠬᠤᠲᠤᠭ ᠣᠷᠣᠰᠢᠲᠤᠭᠠᠢ︕ | ᠬᠤᠷᠤᠢ︕ ᠬᠤᠷᠤᠢ︕ ᠬᠤᠷᠤᠢ︕ |