ᠰᠢᠯᠢ ᠬᠤᠭᠤᠯᠠᠢ ᠲᠡᠩᠴᠡᠭᠦᠬᠡᠨ | ᠰᠢᠮᠡᠲᠦ ᠤᠷᠭᠤᠮᠠᠯ ᠢᠶᠠᠷ ᠪᠢᠯᠬᠠᠭᠰᠠᠨ | ᠰᠡᠷᠮᠡᠭᠦᠨ ᠰᠠᠶᠢᠬᠠᠨ ᠪᠡᠯᠴᠢᠭᠡᠷ ᠲᠤ | ᠰᠢᠮ᠎ᠡ ᠲᠡᠭᠦᠯᠳᠡᠷ ᠪᠣᠶᠢᠵᠢᠭᠰᠠᠨ | ᠰᠢᠳᠦᠯᠡᠩ ᠬᠤᠨᠢᠨ ᠤ ᠰᠢᠭᠦᠰᠦ ᠪᠠᠨ | ᠰᠢᠲᠦᠭᠡᠨ ᠪᠤᠷᠬᠠᠨ ᠳᠤ ᠪᠠᠨ ᠵᠠᠯᠠᠯ᠎ᠠ | ᠬᠤᠷᠠᠭᠠᠨ ᠬᠤᠨᠢᠨ ᠤ ᠰᠢᠭᠦᠰᠦ ᠪᠠᠨ | ᠬᠤᠷᠠᠭᠰᠠᠨ ᠪᠦᠭᠦᠳᠡ ᠳᠤ ᠲᠠᠪᠠᠭᠯᠠᠯᠠ᠃ | ᠠᠴᠠᠨ ᠳᠦᠷᠪᠡᠨ ᠬᠥᠯ ᠲᠠᠢ | ᠠᠬᠠᠷ ᠵᠢᠷᠭᠤᠭᠠᠨ ᠬᠦᠵᠦᠭᠦᠦ ᠲᠠᠢ | ᠠᠷᠪᠠᠨ ᠬᠤᠶᠠᠷ ᠰᠡᠭᠡᠷ ᠲᠠᠢ | ᠬᠤᠷᠢᠨ ᠵᠢᠷᠭᠤᠭᠠᠨ ᠬᠠᠪᠢᠷᠭ᠎ᠠ ᠲᠠᠢ | ᠥᠨᠳᠥᠷ ᠰᠠᠶᠢᠬᠠᠨ ᠨᠢᠷᠤᠭᠤ ᠲᠠᠢ | ᠥᠷᠭᠡᠨ ᠰᠠᠶᠢᠬᠠᠨ ᠴᠡᠭᠡᠵᠢ ᠲᠠᠢ | ᠪᠢᠷᠠᠭᠤᠨ ᠴᠢᠨᠡᠭᠡᠨ ᠪᠡᠶ᠎ᠡ ᠲᠠᠢ | ᠪᠤᠨᠲᠣᠭᠤᠷ ᠪᠦᠳᠦᠭᠦᠨ ᠰᠡᠭᠦᠯ ᠲᠠᠢ | ᠤᠷᠤᠰᠬᠠᠯ ᠪᠤᠯᠠᠭ ᠤᠨ ᠤᠮᠳᠠ ᠲᠠᠢ | ᠤᠷᠭᠤᠮᠠᠯ ᠴᠡᠴᠡᠭ ᠤᠨ ᠪᠡᠯᠴᠢᠭᠡᠷ ᠲᠠᠢ | ᠠᠭᠤᠯᠠ ᠬᠠᠩᠭᠠᠢ ᠪᠠᠷ ᠨᠤᠲᠤᠭᠯᠠᠳᠠᠭ | ᠠᠷᠭᠠᠯᠢ ᠤᠭᠠᠯᠵᠠ ᠶᠢᠨ ᠤᠳᠤᠮ ᠲᠠᠢ | ᠤᠬᠠᠭᠠᠨᠲᠤ ᠪᠤᠭᠤᠷᠤᠯ ᠳᠡᠭᠡᠳᠦᠰ ᠤᠨ ᠮᠢᠨᠢ | ᠤᠯᠠᠮᠵᠢᠯᠯᠠᠲᠤ ᠳᠣᠳᠤᠮᠳᠠᠯᠭ᠎ᠠ ᠪᠠᠷ ᠭᠠᠷᠰᠢᠭᠤᠯᠤᠭᠰᠠᠨ | ᠬᠡᠰᠢᠭ ᠶᠡᠬᠡᠲᠦ ᠢᠷᠭᠡ ᠶᠢᠨ ᠰᠢᠭᠦᠰᠦ ᠪᠠᠨ | ᠥᠷᠥᠰᠢᠶᠡᠯ ᠶᠡᠬᠡᠲᠦ᠂ ᠥᠨᠳᠥᠷ ᠨᠠᠰᠤᠲᠠᠳ ᠲᠤ ᠪᠠᠨ ᠳᠡᠪᠰᠢᠭᠦᠯᠦᠶ᠎ᠡ᠃ | ᠭᠬᠢᠷᠪᠤᠷᠲᠠᠭ ᠬᠦᠷᠦᠭᠡ ᠦᠭᠡᠢ | ᠲᠡᠭᠷᠢ ᠶᠢᠨ ᠴᠠᠭᠠᠨ ᠬᠠᠳᠠᠭ | ᠬᠢᠯᠢᠨᠴᠡ ᠶᠢᠨ ᠦᠵᠦᠭᠦᠷ ᠳᠤᠰᠤᠭ᠎ᠠ ᠦᠭᠡᠢ | ᠬᠤᠨ ᠴᠡᠩᠬᠡᠷ ᠬᠤᠨᠢᠨ ᠤ | ᠳᠥᠯᠥᠭᠡᠨ ᠴᠠᠭᠠᠨ ᠰᠦ | ᠬᠡᠭᠡᠷ᠎ᠡ ᠶᠢᠨ ᠡᠪᠡᠰᠦᠨ ᠢᠳᠡᠰᠢ ᠲᠠᠢ | ᠬᠡᠰᠢᠭ ᠶᠡᠬᠡᠲᠦ ᠡᠷᠳᠡᠨᠢ ᠶᠢᠨ ᠴᠠᠭᠠᠨ ᠬᠤᠨᠢ | ᠦᠯᠡᠮᠵᠢ ᠶᠢᠨ ᠥᠨᠳᠥᠷ ᠨᠠᠰᠤᠲᠠᠨ ᠢᠶᠠᠷ ᠢᠶᠠᠨ ᠭᠦᠨᠳᠡᠭᠦᠯᠵᠦ | ᠥᠨᠢᠷ ᠪᠦᠭᠦᠳᠡ ᠳᠤ ᠪᠠᠨ ᠠᠮᠰᠠᠭᠤᠯᠤᠨ ᠵᠣᠭᠤᠭᠯᠠᠭᠤᠯᠬᠤ ᠪᠠᠷ | ᠥᠮᠥ ᠽᠠᠨᠳᠠᠨ ᠰᠢᠷᠡᠭᠡᠨ ᠳᠡᠭᠡᠷ᠎ᠡ ᠪᠠᠨ ᠲᠡᠪᠰᠢᠯᠡᠭᠡᠳ | ᠥᠯᠵᠡᠶᠢᠲᠦ ᠢᠷᠦᠭᠡᠯ ᠬᠦᠰᠡᠨ᠂ ᠡᠷᠭᠦᠨ ᠪᠠᠷᠢᠵᠤ ᠮᠥᠷᠭᠦᠨ ᠳᠡᠪᠰᠢᠭᠦᠯᠦᠶ᠎ᠡ᠃ | ᠠᠮᠠᠨ ᠤ ᠢᠷᠦᠭᠡᠯ ᠠᠰᠢᠳᠠ ᠶᠢᠨ ᠪᠡᠯᠡᠭ | ᠠᠵᠠ ᠵᠢᠷᠭᠠᠯ ᠡᠷᠡᠭᠦᠯ ᠡᠩᠬᠡ | ᠠᠯᠢᠪᠠ ᠰᠠᠶᠢᠨ ᠰᠠᠶᠢᠬᠠᠨ ᠤ ᠢᠷᠦᠭᠡᠯ ᠵᠥᠩᠨᠡᠯ | ᠠᠰᠢᠳᠠ ᠣᠷᠣᠰᠢᠬᠤ ᠪᠣᠯᠲᠤᠭᠠᠢ︕ | ᠬᠤᠷᠤᠢ︕ ᠬᠤᠷᠤᠢ︕ ᠬᠤᠷᠤᠢ︕ |