ᠪᠡᠷᠢ ᠡᠷᠢᠬᠦ
ᠨᠡᠶᠢᠲᠡᠯᠡᠭᠰᠡᠨ ᠴᠠᠭ᠄
2024/11/8
          ᠪᠠᠷᠭᠤᠴᠤᠳ ᠬᠥᠪᠡᠭᠦᠨ ᠢᠶᠠᠨ ᠨᠠᠰᠤᠨ ᠳᠤ ᠬᠦᠷᠦᠭᠰᠡᠭᠡᠷ ᠪᠡᠷᠢ ᠡᠷᠢᠵᠦ ᠭᠡᠷᠯᠡᠭᠦᠯᠬᠦ ᠪᠠᠷ ᠪᠡᠯᠡᠳᠬᠡᠳᠡᠭ᠃ ᠲᠡᠭᠡᠬᠦ ᠳᠤ ᠪᠠᠨ ᠬᠠᠯᠠ ᠣᠪᠣᠭ ᠤᠨ ᠢᠶᠠᠨ ᠳᠣᠲᠣᠷ᠎ᠠ ᠠᠴᠠ ᠡᠷᠢᠬᠦ ᠶᠢ ᠴᠢᠩᠭ᠎ᠠ ᠴᠡᠭᠡᠷᠯᠡᠵᠦ᠂ ᠬᠥᠪᠡᠭᠦᠨ ᠤ ᠪᠠᠨ ᠨᠠᠭᠠᠴᠤ ᠶᠢᠨ ᠪᠤᠶᠤ ᠪᠤᠰᠤᠳ ᠬᠠᠯᠠ ᠣᠪᠣᠭ ᠠᠴᠠ ᠪᠡᠷᠢ ᠡᠷᠢᠳᠡᠭ᠃ ᠢᠩᠭᠢᠭᠡᠳ ᠦᠵᠡᠵᠦ ᠰᠢᠨᠵᠢᠭᠡᠳ︽ᠪᠣᠯᠣᠨ᠎ᠠ︾ ᠭᠡᠰᠡᠨ ᠬᠡᠦᠬᠡᠨ ᠤ ᠭᠡᠷ ᠤᠨ ᠠᠬᠠᠮᠠᠳ ᠲᠠᠢ ᠥᠪᠡᠷ ᠤᠨ ᠪᠤᠶᠤ ᠨᠦᠭᠦᠭᠡ ᠲᠠᠯ᠎ᠠ ᠶᠢᠨ ᠪᠤᠰᠤ ᠭᠤᠷᠪᠠᠳᠠᠭᠢ ᠣᠪᠣᠭ ᠤᠨ ᠦᠷ᠎ᠡ ᠬᠡᠦᠬᠡᠳ ᠣᠯᠠᠨ ᠲᠠᠢ᠂ ᠡᠯᠢᠭᠡ ᠪᠦᠲᠦᠨ᠂ ᠬᠠᠰᠢᠷ ᠲᠣᠮᠣᠭᠠᠲᠠᠢ ᠬᠥᠮᠥᠨ ᠢ ᠲᠣᠮᠢᠯᠠᠵᠤ ᠬᠡᠯᠡᠯᠴᠡᠭᠦᠯᠳᠡᠭ᠃          ᠲᠡᠷᠡ ᠣᠴᠢᠭᠰᠠᠨ ᠬᠥᠮᠥᠨ ᠨᠢ ᠵᠣᠷᠢᠭᠰᠠᠨ ᠭᠡᠷ ᠤᠨ ᠭᠠᠳᠠᠨ᠎ᠠ ᠬᠦᠷᠦᠭᠡᠳ ᠮᠣᠷᠢ ᠪᠠᠨ ᠲᠡᠷᠭᠡᠨ ᠳᠤ ᠨᠢ ᠤᠶᠠᠬᠤ ᠦᠭᠡᠢ ᠵᠢᠯᠣᠭᠤ ᠪᠠᠷ ᠢᠶᠠᠨ ᠲᠤᠰᠢᠭᠠᠳ ᠣᠷᠣᠳᠠᠭ᠃ ᠡᠨᠡ ᠨᠢ ᠳᠠᠷᠤᠢ ᠬᠡᠦᠬᠡᠨ ᠢ ᠨᠢ ᠡᠷᠢᠬᠦ ᠪᠠᠷ ᠢᠷᠡᠭᠰᠡᠨ ᠢᠶᠠᠨ ᠮᠡᠳᠡᠭᠳᠡᠭᠰᠡᠨ ᠶᠠᠪᠤᠳᠠᠯ ᠪᠣᠯᠣᠨ᠎ᠠ᠃          ᠣᠴᠢᠭᠰᠠᠨ ᠬᠥᠮᠥᠨ ᠭᠡᠷ ᠲᠤ ᠨᠢ ᠣᠷᠣᠭᠠᠳ ᠲᠡᠷᠡ ᠭᠡᠷ ᠤᠨ ᠲᠣᠮᠣᠭᠠᠲᠠᠨ ᠢ ᠬᠦᠨᠳᠦᠳᠬᠡᠵᠦ᠂ ᠬᠥᠬᠦᠦᠷ ᠰᠣᠯᠢᠯᠴᠠᠨ᠂ ᠠᠶᠠᠲᠠᠢ ᠵᠦᠢᠲᠡᠢ ᠦᠭᠡ ᠪᠠᠷ ᠣᠴᠢᠭᠰᠠᠨ ᠵᠣᠷᠢᠯᠲᠠ ᠪᠠᠨ ᠮᠡᠳᠡᠭᠦᠯᠬᠦ ᠳᠤ ᠲᠡᠷᠡ ᠳᠠᠷᠤᠢ ᠳᠤ ᠨᠢ ᠰᠢᠢᠳᠪᠦᠷᠢ ᠥᠭᠭᠦᠯ ᠦᠭᠡᠢ ᠪᠤᠴᠠᠭᠠᠳᠠᠭ ᠴᠦ︽ᠣᠯᠠᠨ ᠱᠣᠭᠰᠢᠭᠤᠯᠪᠠᠯ ᠮᠣᠷᠢᠨ ᠤ ᠲᠤᠭᠤᠷᠠᠢ ᠬᠠᠷᠢᠶᠠᠨ᠎ᠠ︾ ᠭᠡᠯᠴᠡᠳᠡᠭ ᠲᠤᠯᠠ ᠵᠣᠬᠢᠬᠤ ᠬᠤᠭᠤᠴᠠᠭᠠᠨ ᠳᠤ ᠵᠥᠪᠰᠢᠶᠡᠷᠡᠬᠦ ᠡᠰᠡᠬᠦ ᠪᠠᠨ ᠮᠡᠳᠡᠭᠳᠡᠨ᠎ᠡ᠃ ᠬᠡᠷᠪᠡ ᠬᠡᠦᠬᠡᠨ ᠢᠶᠠᠨ ᠥᠭᠬᠦ ᠪᠠᠷ ᠵᠥᠪᠰᠢᠶᠡᠷᠡᠪᠡᠯ᠂ ᠪᠡᠷᠢ ᠡᠷᠢᠬᠦ ᠪᠠᠷ ᠢᠷᠡᠭᠰᠡᠨ ᠬᠥᠮᠥᠨ ᠰᠢᠨ᠎ᠡ ᠬᠤᠲᠠ ᠶᠢᠨ ᠳᠤ ᠪᠠᠨ ᠲᠠᠯᠠᠷᠬᠠᠯ ᠢᠶᠠᠨ ᠢᠯᠡᠳᠬᠡᠵᠦ︽ᠡᠳᠦᠷ ᠤᠨ ᠰᠠᠶᠢᠨ ᠢ ᠰᠣᠩᠭᠤᠳᠠᠭ ᠬᠠᠳᠠᠭ ᠲᠠᠯᠪᠢᠭᠤᠯᠤᠶ᠎ᠠ︾ ᠭᠡᠵᠦ ᠶᠣᠰᠣ ᠨᠠᠮᠪᠠ ᠲᠠᠢ ᠬᠡᠯᠡᠳᠡᠭ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ