ᠬᠠᠳᠠᠭ ᠲᠠᠯᠪᠢᠬᠤ ᠨᠢ ᠬᠤᠳᠠ ᠤᠷᠤᠭ ᠪᠣᠯᠬᠤ ᠶᠢᠨ ᠬᠠᠮᠤᠭ ᠤᠨ ᠲᠦᠷᠦᠭᠦᠴᠢ ᠶᠢᠨ ᠭᠦᠢᠴᠡᠳᠬᠡᠯ ᠪᠣᠯᠣᠨ᠎ᠠ᠃ ᠶᠡᠷᠦ ᠶᠢᠨ ᠦᠭᠡᠨ ᠳᠤ ︽ᠬᠠᠳᠠᠭ | ᠲᠠᠯᠪᠢᠪᠠᠯ ᠬᠠᠳᠠᠭᠠᠰᠤ︾ ᠭᠡᠳᠡᠭ᠃ | ᠬᠦᠷᠭᠡᠨ ᠲᠠᠯ᠎ᠠ ᠬᠠᠳᠠᠭ ᠲᠠᠯᠪᠢᠬᠤ ᠡᠳᠦᠷ ᠢ ᠦᠵᠡᠭᠦᠯᠦᠨ ᠲᠣᠭᠲᠠᠭᠠᠯᠭᠠᠳᠠᠭ᠃ ᠲᠡᠭᠡᠭᠡᠳ ᠪᠡᠶ᠎ᠡ ᠮᠡᠲᠦ ᠬᠥᠮᠥᠨ ᠢ ᠬᠡᠦᠬᠡᠨ ᠲᠠᠯ᠎ᠠ ᠳᠤ ᠶᠠᠪᠤᠭᠤᠯᠵᠤ | ᠬᠠᠳᠠᠭ ᠲᠠᠯᠪᠢᠭᠤᠯᠳᠠᠭ᠃ ᠬᠠᠳᠠᠭ ᠲᠠᠯᠪᠢᠬᠤ ᠡᠳᠦᠷ ᠢᠶᠠᠨ ᠬᠤᠳᠠ ᠶᠢᠨ ᠳᠤ ᠪᠠᠨ ᠤᠷᠢᠳ ᠢᠶᠠᠷ ᠮᠡᠳᠡᠭᠳᠡᠳᠡᠭ᠃ ᠲᠡᠷᠡ ᠡᠳᠦᠷ ᠨᠢ ᠬᠤᠳᠠ ᠶᠢᠨ ᠬᠢ ᠨᠢ ᠬᠡᠦᠬᠡᠨ ᠢᠶᠠᠨ | ᠭᠡᠷ ᠲᠤ ᠪᠠᠨ ᠪᠠᠶᠢᠯᠭᠠᠬᠤ ᠦᠭᠡᠢ᠂ ᠲᠦᠷᠦᠯ ᠰᠠᠳᠤᠨ ᠤ ᠬᠢᠨ ᠤᠴᠢᠷ ᠲᠠᠢ ᠭᠡᠵᠦ ᠠᠪᠠᠴᠢᠳᠠᠭ᠃ ᠡᠭᠦᠨ ᠢ ︽ᠬᠡᠦᠬᠡᠨ ᠪᠣᠷᠤᠭᠤᠯᠬᠤ︾ ᠭᠡᠳᠡᠭ᠃ ᠬᠠᠳᠠᠭ | ᠲᠠᠯᠪᠢᠬᠤ ᠪᠠᠷ ᠣᠴᠢᠭᠰᠠᠳ ᠬᠡᠦᠬᠡᠨ ᠲᠠᠯ᠎ᠠ ᠳᠤ ᠬᠦᠷᠦᠭᠡᠳ ᠮᠣᠷᠢ ᠪᠠᠨ ᠲᠡᠷᠭᠡᠨ ᠠᠴᠠ ᠤᠶᠠᠳᠠᠭ ᠦᠭᠡᠢ᠂ ᠭᠡᠷ ᠤᠨ ᠪᠠᠷᠠᠭᠤᠨ ᠡᠮᠦᠨ᠎ᠡ ᠨᠢ ᠲᠦᠰᠢᠵᠦ ᠲᠠᠯᠪᠢᠳᠠᠭ᠃ | ᠬᠠᠳᠠᠭ ᠲᠠᠯᠪᠢᠭᠴᠢᠳ ᠭᠡᠷ ᠤᠨ ᠡᠵᠡᠨ ᠲᠠᠢ ᠬᠥᠬᠦᠦᠷ ᠰᠣᠯᠢᠯᠴᠠᠨ᠂ ᠬᠦᠨᠳᠦᠳᠬᠡᠯ ᠳᠡᠪᠰᠢᠭᠦᠯᠦᠨ ᠮᠡᠨᠳᠦᠯᠡᠨ᠎ᠡ᠃ ᠲᠡᠷᠢᠭᠦᠯᠡᠵᠦ ᠣᠷᠣᠭᠰᠠᠨ ᠬᠥᠮᠥᠨ | ᠲᠤᠯᠭ᠎ᠠ ᠶᠢᠨ ᠪᠠᠷᠠᠭᠤᠨ ᠲᠠᠯ᠎ᠠ ᠪᠠᠷ ᠬᠤᠶᠢᠰᠢ ᠭᠠᠷᠴᠤ ᠡᠪᠦᠷ ᠠᠴᠠ ᠪᠠᠨ ᠬᠤᠶᠠᠷ ᠬᠠᠳᠠᠭ ᠭᠠᠷᠭᠠᠨ ᠨᠢᠭᠡ ᠶᠢ ᠨᠢ ᠪᠤᠷᠬᠠᠨ ᠳᠤ ᠲᠠᠯᠪᠢᠵᠤ ᠨᠦᠭᠦᠭᠡ ᠶᠢ ᠨᠢ | ᠪᠤᠷᠬᠠᠨ ᠤ ᠪᠠᠷᠠᠭᠤᠨ ᠲᠠᠯ᠎ᠠ ᠶᠢᠨ ᠤᠨᠢ ᠳᠤ ᠬᠠᠪᠴᠢᠭᠤᠯᠳᠠᠭ᠃ ᠲᠡᠭᠦᠨ ᠢ ᠨᠢ︽ᠰᠦᠯᠳᠡ ᠶᠢᠨ ᠬᠠᠳᠠᠭ︾ ᠭᠡᠳᠡᠭ᠃ ᠬᠠᠳᠠᠭ ᠲᠠᠯᠪᠢᠭᠴᠢ ᠲᠤᠯᠭ᠎ᠠ ᠶᠢᠨ ᠪᠠᠷᠠᠭᠤᠨ | ᠲᠠᠯ᠎ᠠ ᠳᠤ ᠰᠠᠭᠤᠨ᠎ᠠ᠃ | ᠭᠡᠷ ᠤᠨ ᠡᠵᠡᠨ ᠠᠪᠠᠭᠠᠢ ᠴᠠᠢ ᠢᠳᠡᠭᠡ ᠪᠠᠷᠢᠬᠤ ᠳᠤ᠂ ᠭᠡᠷ ᠤᠨ ᠡᠵᠡᠨ ᠠᠷᠢᠬᠢ ᠬᠡᠮᠨᠡᠵᠦ᠂ ᠢᠳᠡᠭᠡ ᠱᠥᠯᠥ ᠪᠠᠵᠠᠭᠠᠨ ᠵᠣᠴᠢᠯᠠᠵᠤ ᠮᠣᠷᠳᠠᠭᠤᠯᠤᠨ᠎ᠠ᠃ |