ᠲᠠᠬᠢᠯ ᠲᠠᠯᠪᠢᠬᠤ ᠡᠳᠦᠷ ᠢ ᠬᠡᠦᠬᠡᠨ ᠬᠦᠷᠭᠡᠨ ᠲᠠᠯ᠎ᠠ ᠶᠢᠨ ᠭᠤᠣᠯᠯᠠᠭᠴᠢ ᠬᠥᠮᠥᠰ ᠡᠳᠦᠷ ᠦᠵᠡᠭᠦᠯᠦᠨ ᠲᠣᠭᠲᠠᠭᠠᠳᠠᠭ᠃ ᠲᠡᠭᠡᠭᠡᠳ ᠬᠤᠶᠠᠷ ᠲᠠᠯ᠎ᠠ ᠶᠢᠨ | ᠬᠢᠨ ᠥᠪᠡᠷᠰᠡᠳ ᠤᠨ ᠢᠶᠠᠨ ᠲᠦᠷᠦᠯ ᠰᠠᠳᠤᠨ ᠪᠣᠯᠣᠨ ᠣᠶᠢᠷ᠎ᠠ ᠬᠠᠪᠢ ᠶᠢᠨ ᠠᠶᠢᠯ ᠵᠣᠨ ᠳᠤ ᠪᠠᠨ ᠵᠠᠷ ᠬᠡᠯᠡᠳᠡᠭ᠃ ᠬᠦᠷᠭᠡᠨ ᠲᠠᠯ᠎ᠠ ᠨᠢ ᠬᠡᠵᠢᠶ᠎ᠡ ᠲᠠᠬᠢᠯ ᠲᠠᠯᠪᠢᠬᠤ᠂ | ᠬᠡᠵᠢᠶ᠎ᠡ ᠪᠡᠷᠢ ᠪᠠᠭᠤᠯᠭᠠᠬᠤ ᠪᠠᠨ ᠵᠠᠷᠯᠠᠵᠤ᠂ ᠬᠡᠦᠬᠡᠨ ᠲᠠᠯ᠎ᠠ ᠨᠢ ᠬᠡᠵᠢᠶ᠎ᠡ ᠲᠠᠬᠢᠯ ᠲᠠᠯᠪᠢᠬᠤ᠂ ᠬᠡᠵᠢᠶ᠎ᠡ ᠪᠠᠷᠠᠭ᠎ᠠ ᠬᠤᠷᠢᠶᠠᠬᠤ᠂ ᠬᠡᠵᠢᠶ᠎ᠡ ᠬᠡᠦᠬᠡᠨ ᠮᠣᠷᠳᠠᠭᠤᠯᠬᠤ ᠪᠠᠨ | ᠵᠠᠷᠯᠠᠳᠠᠭ᠃ | ᠲᠠᠬᠢᠯ ᠪᠡᠯᠡᠭ ᠬᠦᠷᠭᠡᠵᠦ ᠬᠦᠯᠢᠶᠡᠬᠦ ᠡᠳᠦᠷ ᠬᠠᠳᠠᠮ ᠳᠤ ᠥᠭᠬᠦ ᠭᠡᠵᠦ ᠪᠠᠶᠢᠭ᠎ᠠ ᠬᠡᠦᠬᠡᠨ ᠢ ᠲᠡᠭᠦᠨ ᠤ ᠡᠭᠡᠴᠢ ᠶᠢᠨ ᠪᠤᠶᠤ ᠲᠦᠷᠦᠯ ᠰᠠᠳᠤᠨ ᠳᠤ ᠨᠢ | ᠪᠤᠷᠤᠭᠤᠯᠠᠵᠤ ᠠᠪᠠᠴᠢᠨ᠎ᠠ᠃ | ᠲᠠᠬᠢᠯ ᠤᠨ ᠨᠠᠶᠢᠷ ᠳᠡᠭᠡᠷ᠎ᠡ ᠬᠦᠷᠭᠡᠨ ᠲᠠᠯ᠎ᠠ ᠠᠴᠠ ᠬᠡᠦᠬᠡᠨ ᠲᠠᠯ᠎ᠠ ᠳᠤ ᠬᠦᠷᠭᠡᠳᠡᠭ︽ᠬᠠᠮᠲᠤ ᠵᠢᠷᠭᠤᠭᠠᠨ ᠪᠡᠯᠡᠭ︾ ᠭᠡᠵᠦ ᠪᠠᠶᠢᠳᠠᠭ᠃ ᠡᠨᠡ ᠨᠢ ᠬᠠᠳᠠᠭ᠂ | ᠠᠷᠢᠬᠢ᠂ ᠬᠦᠨᠵᠢᠯᠡ ᠶᠢᠨ ᠠᠷᠠᠰᠤ᠂ ᠬᠡᠲᠡ᠂ ᠴᠠᠬᠢᠭᠤᠷ᠂ ᠤᠯᠠ ᠵᠡᠷᠭᠡ ᠪᠡᠯᠡᠭ ᠪᠣᠯᠣᠨ᠎ᠠ᠃ | ᠲᠠᠬᠢᠯ ᠤᠨ ᠨᠠᠶᠢᠷ ᠢᠶᠠᠨ ᠦᠪᠡᠳᠡᠭᠰᠢ ᠬᠥᠭᠵᠢᠯᠲᠡᠢ ᠪᠠᠷ ᠦᠷᠭᠦᠯᠵᠢᠯᠡᠭᠦᠯᠦᠭᠡᠳ ᠦᠳᠡ ᠶᠢᠨ ᠡᠮᠦᠨ᠎ᠡ ᠵᠠᠪᠠᠯ ᠲᠠᠷᠬᠠᠬᠤ ᠶᠣᠰᠣᠲᠠᠢ᠃ |