ᠮᠠᠯ ᠮᠥᠩᠭᠦ ᠬᠡᠯᠡᠯᠴᠡᠬᠦ᠂ ᠬᠦᠷᠭᠡᠬᠦ ᠪᠠ ᠬᠦᠯᠢᠶᠡᠨ ᠠᠪᠬᠤ
ᠨᠡᠶᠢᠲᠡᠯᠡᠭᠰᠡᠨ ᠴᠠᠭ᠄
2024/11/8
          ᠰᠢᠨ᠎ᠡ ᠪᠡᠷᠢ ᠶᠢᠨ ᠵᠠᠰᠠᠯ ᠴᠢᠮᠡᠭᠯᠡᠯ ᠳᠤ ᠬᠡᠷᠡᠭᠯᠡᠬᠦ ᠡᠳ᠋ ᠤᠨ ᠴᠠᠭᠠᠨ ᠮᠥᠩᠭᠦ ᠪᠠ ᠮᠠᠯ ᠰᠦᠷᠦᠭ ᠤᠨ ᠲᠤᠬᠠᠢ ᠬᠡᠯᠡᠯᠴᠡᠨ ᠵᠥᠪᠯᠡᠬᠦ ᠶᠢ︽ᠮᠠᠯ ᠮᠥᠩᠭᠦ ᠬᠡᠯᠡᠯᠴᠡᠬᠦ︾ ᠭᠡᠨ᠎ᠡ᠃ ᠮᠠᠯ ᠮᠥᠩᠭᠦ ᠶᠢ ᠡᠴᠢᠭᠡ ᠨᠢ ᠪᠤᠶᠤ ᠥᠭᠡᠷ᠎ᠡ ᠬᠥᠮᠥᠨ ᠣᠴᠢᠵᠤ ᠬᠡᠯᠡᠯᠴᠡᠨ᠎ᠡ᠃ ᠡᠭᠦᠨ ᠳᠤ ᠮᠠᠯ ᠮᠥᠩᠭᠦᠨ ᠤ ᠲᠤᠭ᠎ᠠ ᠲᠣᠭᠲᠠᠭᠠᠯ ᠭᠡᠵᠦ ᠦᠭᠡᠢ᠂ ᠬᠤᠶᠠᠷ ᠲᠠᠯ᠎ᠠ ᠪᠠᠷ ᠢᠶᠠᠨ ᠪᠣᠳᠠᠲᠤ ᠪᠠᠶᠢᠳᠠᠯ ᠢᠶᠠᠨ ᠦᠵᠡᠵᠦ ᠲᠣᠭᠲᠠᠳᠠᠭ᠃          ᠶᠡᠷᠦ ᠨᠢ ᠬᠡᠳᠦᠢ ᠯᠠᠩ ᠤᠨ ᠶᠤᠸᠠᠮᠪᠤᠤ ᠬᠡᠳᠦᠢ᠂ ᠬᠡᠳᠦᠢ ︽ᠰᠣᠩᠭᠤᠳᠠᠭ︾ ᠥᠭᠭᠦᠨ᠎ᠡ ᠭᠡᠵᠦ ᠬᠡᠯᠡᠯᠴᠡᠳᠡᠭ᠃ ︽ᠰᠣᠩᠭᠤᠳᠠᠭ︾ ᠭᠡᠳᠡᠭ ᠨᠢ ᠮᠣᠷᠢ᠂ ᠱᠠᠷ᠂ ᠡᠷ᠎ᠡ ᠬᠤᠨᠢ ᠵᠡᠷᠭᠡ ᠬᠤᠳᠠᠯᠳᠤᠵᠤ ᠪᠣᠯᠬᠤ ᠮᠠᠯ ᠢ ᠶᠡᠷᠦᠩᠬᠡᠶᠢᠯᠡᠨ ᠲᠣᠪᠴᠢᠯᠠᠵᠤ ᠨᠡᠷᠡᠶᠢᠳᠦᠭᠰᠡᠨ ᠦᠭᠡ ᠶᠤᠮ᠃ᠡᠳᠡᠭᠡᠷ ᠮᠠᠯ ᠮᠥᠩᠭᠦ ᠶᠢ ᠴᠥᠮ ᠰᠢᠨ᠎ᠡ ᠪᠡᠷᠢ ᠶᠢᠨ ᠵᠠᠰᠠᠯ ᠴᠢᠮᠡᠭᠯᠡᠯ᠂ ᠬᠤᠪᠴᠠᠰᠤ ᠬᠤᠨᠠᠷ᠂ ᠡᠳ᠋ ᠬᠤᠭᠰᠢᠯ ᠳᠤ ᠵᠠᠷᠤᠴᠠᠭᠤᠯᠬᠤ ᠤᠴᠢᠷ ᠠᠴᠠ ᠪᠦᠷᠢᠮᠦᠰᠦᠨ ᠬᠦᠷᠭᠡᠨ ᠲᠠᠯ᠎ᠠ ᠠᠴᠠ ᠳᠠᠭᠠᠭᠠᠬᠤ ᠶᠣᠰᠣᠲᠠᠢ ᠪᠥᠭᠡᠳ ᠲᠤᠰᠬᠠᠢ ᠬᠡᠳᠦᠨ ᠬᠥᠮᠥᠨ ᠢᠶᠠᠷ ᠬᠡᠦᠬᠡᠨ ᠲᠠᠯ᠎ᠠ ᠳᠤ ᠬᠦᠷᠭᠡᠭᠦᠯᠳᠡᠭ᠃ ᠬᠦᠷᠭᠡᠨ ᠲᠠᠯ᠎ᠠ ᠮᠠᠯ ᠮᠥᠩᠭᠦ ᠬᠦᠷᠭᠡᠬᠦ ᠡᠳᠦᠷ ᠢ ᠬᠡᠦᠬᠡᠨ ᠲᠠᠯ᠎ᠠ ᠳᠤ ᠤᠷᠢᠳᠴᠢᠯᠠᠨ ᠮᠡᠳᠡᠭᠳᠡᠳᠡᠭ ᠪᠥᠭᠡᠳ ᠨᠦᠭᠦᠭᠡ ᠲᠠᠯ᠎ᠠ ᠨᠢ ᠲᠡᠷᠡ ᠡᠳᠦᠷ ᠲᠤ ᠮᠥᠨ ᠶᠠᠮᠠᠷ ᠨᠢᠭᠡᠨ ᠰᠢᠯᠲᠠᠭ ᠢᠶᠠᠷ ᠬᠡᠦᠬᠡᠨ ᠢᠶᠠᠨ︽ᠪᠤᠷᠤᠭᠤᠯᠠᠭᠰᠠᠨ︾ ᠪᠠᠶᠢᠳᠠᠭ᠃          ᠮᠠᠯ ᠮᠥᠩᠭᠦ ᠶᠢ ᠬᠦᠷᠭᠡᠬᠦ ᠳᠤ᠂ ᠤᠷᠢᠳ ᠢᠶᠠᠷ ᠬᠦᠷᠭᠡᠵᠦ ᠣᠴᠢᠭᠰᠠᠨ ᠠᠴᠠ ᠨᠢᠭᠡ ᠨᠢ ᠶᠤᠸᠠᠮᠪᠤᠤ ᠪᠠᠨ ᠭᠠᠷᠭᠠᠵᠤ ᠬᠤᠶᠠᠷ ᠭᠠᠷ ᠢᠶᠠᠷ ᠢᠶᠠᠨ ᠬᠡᠦᠬᠡᠨ ᠤ ᠠᠪᠤ ᠳᠤ ᠥᠭᠬᠦ ᠳᠤ ᠲᠡᠷᠡ ᠨᠢ ᠪᠠᠰᠠ ᠬᠤᠶᠠᠷ ᠭᠠᠷ ᠢᠶᠠᠷ ᠢᠶᠠᠨ ᠲᠣᠰᠴᠤ ᠠᠪᠤᠭᠠᠳ ᠶᠤᠸᠠᠮᠪᠤᠤ ᠳᠤ ᠰᠦ ᠳᠤᠰᠤᠭᠠᠵᠤ ᠪᠤᠷᠬᠠᠨ ᠤ ᠡᠮᠦᠨ᠎ᠡ ᠲᠠᠯᠪᠢᠨ᠎ᠠ᠃ ᠲᠡᠭᠡᠭᠡᠳ ᠮᠠᠯ ᠮᠥᠩᠭᠦ ᠪᠠᠨ ᠥᠭᠴᠦ ᠠᠪᠤᠯᠴᠠᠭᠠᠳ ᠪᠦᠭᠦᠳᠡᠭᠡᠷ ᠭᠡᠷ ᠲᠤ ᠪᠠᠭᠤᠵᠤ ᠬᠡᠦᠬᠡᠨ ᠤ ᠬᠢᠨ ᠴᠠᠢ ᠬᠤᠭᠤᠯᠠ᠂ ᠠᠷᠢᠬᠢ ᠳᠠᠷᠠᠰᠤ ᠪᠠᠷ ᠵᠣᠴᠢᠯᠠᠨ᠎ᠠ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ