ᠡᠨᠡ ᠡᠳᠦᠷ ᠪᠣᠯ ᠡᠬᠡᠴᠦᠦᠯ ᠤᠨ ᠪᠠᠶᠠᠷ ᠤᠨ ᠡᠳᠦᠷ᠃ ᠮᠥᠨ ᠴᠦ ᠡᠳᠦᠢ ᠲᠡᠳᠦᠢ ᠥᠨᠥᠴᠢᠨ ᠥᠷᠥᠭᠡᠰᠦᠨ ᠬᠤᠴᠣᠷᠤᠭᠰᠠᠳ ᠤᠨ ᠡᠵᠢ ᠪᠠᠨ ᠳᠤᠷᠠᠰᠬᠤ | ᠳᠤᠷᠠᠰᠤᠮᠵᠢ ᠶᠢᠨ ᠡᠳᠦᠷ᠃ ᠮᠠᠨ ᠤ ᠡᠮᠡᠭᠲᠡᠶᠢᠴᠦᠳ ᠬᠥᠮᠥᠨ ᠤ ᠠᠮᠢᠳᠤᠷᠠᠯ ᠤᠨ ᠵᠠᠮ ᠵᠢᠷᠤᠮ ᠢᠶᠠᠷ ᠠᠶᠢᠯ ᠡᠷᠦᠭᠡ ᠪᠣᠰᠬᠠᠨ᠂ ᠦᠷ᠎ᠡ ᠶᠢᠨ ᠵᠤᠯᠠᠢ ᠦᠨᠦᠷᠯᠡᠨ᠂ | ᠠᠮᠢᠳᠤᠷᠠᠯ ᠤᠨ ᠤᠷᠳᠤ ᠠᠶᠠᠨ ᠳᠤ ᠥᠪᠡᠷ ᠥᠪᠡᠷ ᠤᠨ ᠵᠠᠶᠠᠭ᠎ᠠ ᠲᠥᠭᠡᠷᠭᠡ ᠪᠠᠷ ᠢᠶᠠᠨ ᠲᠦᠷᠦᠭᠰᠡᠨ ᠡᠵᠢ᠂ ᠬᠤᠶᠢᠲᠤ ᠡᠵᠢ᠂ ᠡᠷᠭᠦᠯᠲᠡ ᠡᠵᠢ ᠨᠠᠷ ᠤᠨ ᠠᠯᠢ ᠨᠢᠭᠡᠨ ᠤ | ᠬᠢᠨᠢ ᠠᠮᠢᠳᠤᠷᠠᠯ ᠤᠨ ᠲᠠᠶᠢᠵᠠᠨ ᠳᠤ ︽ᠲᠣᠭᠯᠠᠭᠴᠢ ᠪᠠᠷ ᠤᠷᠢᠭᠳᠠᠨ︾᠂ ᠠᠯᠳᠠᠬᠤ ᠳᠠᠭᠠᠨ ᠠᠯᠳᠠᠵᠤ᠂ ᠤᠨᠤᠬᠤ ᠳᠠᠭᠠᠨ ᠤᠨᠤᠨ ᠠᠮᠢᠳᠤᠷᠠᠯ ᠲᠠᠢ ᠲᠤᠯᠤᠯᠳᠤᠨ | ᠲᠤᠯᠤᠯᠳᠤᠭᠰᠠᠭᠠᠷ ᠨᠠᠰᠤ ᠶᠢ ᠡᠯᠡᠭᠡᠳᠡᠭ᠃ | ᠬᠥᠮᠥᠨ ᠤ ᠨᠢᠭᠡ ᠨᠡᠰᠦᠨ ᠳᠤ ᠲᠦᠷᠦᠭᠰᠡᠨ ᠡᠵᠢ ᠭᠠᠭᠴᠠᠬᠠᠨ ᠵᠠᠶᠠᠭᠠᠨ᠎ᠠ᠃ ᠲᠦᠷᠦᠭᠰᠡᠨ ᠡᠵᠢ ᠮᠢᠨᠢ ᠠᠮᠢᠳᠤ ᠰᠡᠷᠡᠭᠦᠨ ᠪᠠᠶᠢᠭᠰᠠᠨ ᠰᠠᠨ ᠪᠣᠯ ᠡᠨᠡ ᠵᠢᠯ | ᠨᠠᠶᠠᠨ ᠲᠠᠪᠤᠨ ᠤ ᠬᠢᠨᠢ ᠵᠢᠯ ᠢ ᠣᠷᠣᠭᠤᠯᠤᠨ ᠠᠪᠤ ᠡᠵᠢ᠂ ᠠᠬ᠎ᠠ ᠳᠡᠭᠦᠦ ᠨᠠᠷ ᠲᠠᠢ ᠪᠠᠨ ᠬᠠᠮᠲᠤ ᠪᠠᠶᠠᠰᠤᠯᠴᠠᠬᠤ ᠪᠠᠶᠢᠯ᠎ᠠ᠃ ᠬᠠᠷᠠᠰᠠᠯᠲᠠᠢ ᠨᠢ ᠣᠭᠤᠰᠣᠷ ᠪᠦᠴᠡ | ᠦᠭᠡᠢ ᠣᠷᠴᠢᠯᠠᠩ ᠬᠠᠨᠢ ᠨᠥᠬᠦᠷ᠂ ᠦᠷ᠎ᠡ ᠬᠡᠦᠬᠡᠳ ᠢ ᠨᠢ ᠭᠠᠰᠢᠭᠤᠳᠠᠯ ᠤᠨ ᠮᠠᠨᠠᠨ ᠳᠤ ᠵᠢᠪᠦᠭᠦᠯᠵᠦ ᠤᠷᠭᠢᠭᠠᠳ ᠬᠤᠷᠢᠨ ᠳᠣᠯᠣᠭᠠᠬᠠᠨ ᠨᠠᠰᠤ ᠲᠠᠢ ᠡᠵᠢ ᠶᠢ ᠮᠢᠨᠢ | ᠠᠪᠤᠭᠠᠳ ᠶᠠᠪᠤᠴᠢᠬᠠᠭᠰᠠᠨ ᠶᠤᠮ᠃ ᠬᠤᠷᠸ᠎ᠠ ᠭᠡᠭᠴᠢ ᠬᠠᠲᠠᠭᠤ ᠳᠠᠭᠠᠨ ᠬᠠᠲᠠᠭᠤ᠃ | ᠠᠶᠢᠷᠠᠭ ᠪᠦᠯᠢᠭᠰᠡᠨ ᠡᠵᠢ ᠶᠢᠨ ᠲᠤᠩ ᠤᠨ ᠠᠮᠠᠰᠠᠷ ᠢᠶᠠᠷ ᠴᠠᠯᠭᠢᠭᠰᠠᠨ ᠠᠶᠢᠷᠠᠭ ᠢ ᠨᠢ ᠬᠤᠷᠤᠭᠤ ᠪᠠᠷ ᠢᠶᠠᠨ ᠳᠣᠯᠢᠶᠠᠭᠠᠳ ᠵᠣᠭᠰᠣᠵᠤ ᠪᠠᠶᠢᠬᠰᠠᠨ; | ᠰᠢᠷ᠎ᠠ ᠲᠣᠰᠣ ᠰᠢᠷᠭᠠᠭᠠᠵᠤ ᠰᠠᠭᠤᠭ᠎ᠠ ᠡᠵᠢ ᠶᠢᠨ ᠢᠶᠠᠨ ᠳᠡᠷᠭᠡᠳᠡ ᠴᠥᠴᠥᠭᠡᠢ ᠢᠳᠡᠬᠦ ᠪᠠᠷ ᠠᠶᠠᠭ᠎ᠠ ᠪᠠᠷᠢᠨ ᠲᠣᠭᠤᠭ᠎ᠠ ᠥᠩᠭᠡᠶᠢᠵᠦ ᠬᠦᠯᠢᠶᠡᠵᠦ ᠵᠤᠬᠰᠤᠬᠰᠠᠨ; | ᠰᠠᠯᠬᠢ ᠲᠠᠢ ᠡᠳᠦᠷ ᠭᠠᠯ ᠠᠪᠤᠯᠴᠠᠨ ᠭᠠᠳᠠᠭᠰᠢ ᠳᠤᠲᠠᠭᠠᠭᠰᠠᠨ ᠠᠬ᠎ᠠ ᠶᠢᠨ ᠠᠷᠤ ᠠᠴᠠ ᠬᠥᠯ ᠬᠦᠨᠳᠦ ᠲᠠᠢ ᠡᠵᠢ ᠮᠢᠨᠢ ᠨᠡᠷ᠎ᠡ ᠪᠠᠷ ᠨᠢ ᠳᠠᠭᠤᠳᠠᠨ ᠤᠨᠠᠵᠤ ᠲᠤᠰᠤᠨ | ᠭᠦᠶᠦᠵᠦ ᠪᠠᠶᠢᠬᠰᠠᠨ;ᠲᠤᠶᠢᠯ ᠤᠨ ᠬᠠᠯᠠᠭᠤᠨ ᠳᠤ ᠮᠣᠷᠢᠨ ᠬᠠᠰᠠᠭ ᠲᠤ ᠲᠡᠭᠡᠭᠡᠭᠳᠡᠨ ᠵᠡᠭᠦᠨ ᠨᠢᠷᠤᠭᠤᠨ ᠳᠡᠭᠡᠭᠦᠷ ᠳᠠᠪᠠᠵᠤ ᠣᠲᠣᠭᠰᠠᠨ ᠡᠴᠦᠰ ᠤᠨ ᠪᠠᠷ᠎ᠠ ᠁ | ᠮᠢᠨᠤ ᠲᠦᠷᠦᠭᠰᠡᠨ ᠡᠵᠢ ᠲᠠᠢ ᠪᠠᠨ ᠪᠠᠶᠢᠬᠤ ᠶᠢᠨ ᠭᠡᠭᠡᠨ ᠳᠤᠷᠠᠰᠤᠮᠵᠢ ᠶᠡᠷᠦᠳᠡᠭᠡᠨ ᠯᠡ ᠡᠳᠦᠶᠢᠬᠡᠨ᠃ ᠭᠠᠷ ᠤᠨ ᠳᠥᠷᠪᠡᠬᠡᠨ ᠬᠤᠷᠤᠭᠤᠨ ᠳᠤ ᠪᠠᠭᠲᠠᠬᠤ ᠲᠡᠳᠦᠶᠢᠬᠡᠨ | ᠳᠤᠷᠠᠰᠤᠮᠵᠢ ᠯᠠ ᠨᠠᠮᠠᠶᠢ ︽ᠪᠢ ᠴᠢᠨᠢ ᠦᠷ᠎ᠡ ᠳᠡᠭᠡᠨ ᠬᠠᠶᠢᠷᠠᠲᠠᠢ ᠡᠵᠢ ᠶᠢᠨ ᠥᠬᠢᠨ ᠰᠢᠤ ᠳ᠋ᠠ︕︾ ᠭᠡᠬᠦ ᠢᠲᠡᠭᠡᠯ ᠵᠢᠳᠬᠦᠯ ᠢ ᠡᠪᠦᠷᠯᠡᠨ ᠪᠡᠶ᠎ᠡ ᠳᠡᠭᠡᠨ ᠡᠷᠴᠢ ᠬᠦᠴᠦ | ᠥᠭᠴᠦ ᠰᠡᠳᠬᠢᠯ ᠤᠨ ᠲᠡᠩᠬᠡᠭᠡ ᠲᠠᠢ ᠶᠠᠪᠤᠵᠤ ᠢᠷᠡᠯ᠎ᠡ᠃ | ᠭᠡᠲᠡᠯ᠎ᠡ ᠲᠦᠷᠦᠭᠰᠡᠨ ᠡᠵᠢ ᠶᠢᠨ ᠬᠠᠶᠢᠷ᠎ᠠ ᠬᠠᠯᠠᠮᠵᠢ ᠳᠡᠭᠡᠷ᠎ᠡ ᠪᠥᠮᠪᠥᠷᠢᠵᠦ ᠥᠰᠦᠭᠰᠡᠨ ᠬᠥᠮᠥᠨ᠂ ᠡᠬᠡ ᠶᠢᠨ ᠬᠠᠶᠢᠷ᠎ᠠ ᠶᠢᠨ ᠠᠭᠤᠤ ᠶᠡᠭᠡ ᠶᠢ ᠲᠡᠳᠦᠢ ᠯᠡ | ᠰᠠᠨᠠᠭᠠᠨ ᠳᠠᠭᠠᠨ ᠠᠪᠳᠠᠭ ᠦᠭᠡᠢ ᠨᠢ ᠳᠠᠩᠴᠤ ᠬᠠᠷᠠᠮᠰᠠᠯᠲᠠᠢ᠃ | ᠨᠢᠭᠡ ᠡᠳᠦᠷ ᠪᠢ ᠨᠠᠶᠢᠵᠠ ᠨᠠᠷ ᠤᠨ ᠢᠶᠠᠨ ᠬᠠᠮᠲᠤ ᠬᠤᠭᠤᠯᠠᠨ ᠭᠡᠷ ᠲᠤ ᠶᠠᠷᠢᠵᠤ ᠵᠣᠭᠤᠭᠳᠠᠨ ᠨᠠᠷᠭᠢᠯᠳᠤᠵᠤ ᠰᠠᠭᠤᠯ᠎ᠠ᠃ | ᠬᠠᠵᠠᠭᠤ ᠶᠢᠨ ᠰᠢᠷᠡᠭᠡᠨ ᠳᠤ ᠬᠡᠰᠡᠭ ᠵᠠᠯᠠᠭᠤᠴᠤᠳ ᠪᠠᠰᠠ ᠨᠠᠭᠠᠳᠴᠤ ᠨᠠᠷᠭᠢᠵᠠᠭᠠᠨᠠ᠃ ᠲᠡᠭᠡᠲᠡᠯ᠎ᠡ ᠨᠢᠭᠡ ᠥᠬᠢᠨ ᠤ ᠭᠠᠷ ᠤᠲᠠᠰᠤ ᠳᠤᠤᠭᠠᠷᠪᠠ᠃ | - ᠬᠠᠷᠢᠨ᠎ᠠ᠂ ᠬᠠᠷᠢᠨ᠎ᠠ᠃ ᠤᠳᠠᠬᠤ ᠦᠭᠡᠢ ᠬᠠᠷᠢᠨ᠎ᠠ︕ ᠲᠠ ᠤᠷᠢᠳ ᠢᠶᠠᠷ ᠤᠨᠲᠠᠵᠤ ᠪᠠᠢ︕ ᠭᠡᠵᠦ ᠰᠢᠷᠦᠭᠦᠬᠡᠨ ᠳᠤᠤᠭᠠᠷᠤᠭᠠᠳ ᠭᠠᠷ ᠤᠲᠠᠰᠤ ᠪᠠᠨ | ᠬᠠᠭᠠᠪᠠ᠃ ᠬᠠᠵᠠᠭᠤ ᠶᠢᠨ ᠥᠬᠢᠨ᠄ ︽ᠡᠵᠢ ᠴᠢᠨᠢ ᠤᠤ︖ ᠡᠶᠢᠮᠦ ᠲᠣᠮᠣ ᠪᠣᠯᠴᠢᠬᠠᠭᠰᠠᠨ ᠥᠬᠢᠨ ᠢᠶᠠᠨ ᠪᠠᠰᠠ ᠯᠠ ᠴᠡᠴᠡᠷᠯᠢᠭ ᠤᠨ ᠬᠡᠦᠬᠡᠳ ᠰᠢᠭ ᠬᠠᠮᠢᠶᠠᠷᠤᠭᠰᠠᠭᠠᠷ | ᠤᠤ︖ ᠶᠠᠮᠠᠷ ᠶᠠᠳᠠᠷᠠᠭᠠᠨ ᠲᠠᠢ ᠶᠤᠮ︾ ᠭᠡᠵᠦ ᠡᠪᠡᠷ ᠲᠠᠢ ᠲᠠᠤᠯᠠᠢ ᠦᠵᠡᠭᠰᠡᠨ ᠰᠢᠭ ᠡᠭᠳᠡᠭᠦᠦ ᠲᠠᠢ ᠳᠤᠤᠭᠠᠷᠪᠠ᠃ | - ᠮᠢᠨᠤ ᠠᠪᠤ ᠡᠵᠢ ᠨᠠᠮᠠᠶᠢ ᠠᠯᠢ ᠬᠡᠳᠦᠶᠢᠨ ᠬᠠᠮᠢᠶᠠᠷᠬᠤ ᠪᠠᠨ ᠪᠠᠶᠢᠴᠢᠬᠠᠭᠰᠠᠨ᠃ ᠲᠠᠭᠢᠭᠠᠳ ᠤᠲᠠᠰᠤᠳᠠᠪᠠᠯ ᠪᠢᠲᠡᠭᠡᠢ ᠲᠤᠰ︕ | - ᠪᠤᠯᠬᠤ ᠦᠭᠡᠢ ᠪᠣᠯ ᠤᠲᠠᠰᠤ ᠪᠠᠨ ᠨᠠᠮ ᠲᠠᠭᠤᠨ ᠳᠡᠭᠡᠷ᠎ᠡ ᠨᠢ ᠲᠠᠭᠠᠷᠠᠭᠤᠯᠴᠢᠭᠠ︕ ᠨᠢᠭᠡᠮᠦᠰᠦᠨ ᠬᠠᠭᠠᠭᠰᠠᠨ ᠴᠦ ᠶᠠᠭᠠᠬᠢᠳᠠᠭ ᠶᠤᠮ︖ | - ᠪᠡᠶ᠎ᠡ ᠳᠡᠭᠡᠨ ᠡᠵᠡᠨ ᠰᠠᠭᠤᠭᠰᠠᠨ ᠴᠢᠮᠠᠶᠢ ᠪᠠᠰᠠ ᠯᠠ ᠰᠡᠭᠦᠯᠳᠡᠭᠰᠡᠭᠡᠷ ᠤᠤ︖ ᠬᠡᠮᠡᠨ ᠲᠠᠯ᠎ᠠ ᠲᠠᠯ᠎ᠠ ᠠᠴᠠ ᠨᠢ ᠡᠵᠢ ᠶᠢ ᠨᠢ ᠪᠤᠷᠤᠭᠤᠳᠬᠠᠨ ᠶᠠᠭᠠᠬᠢᠵᠤ | ᠲᠡᠷᠰᠯᠡᠬᠦ ᠲᠤᠬᠠᠢ ︽ᠬᠥᠮᠥᠵᠢᠭᠦᠯᠵᠦ︾ ᠭᠠᠷᠤᠯ᠎ᠠ᠃ | - ᠮᠠᠨ ᠤ ᠡᠵᠢ ᠴᠦ ᠥᠲᠡᠯᠬᠦ ᠲᠤᠰᠤᠮ ᠶᠠᠩᠰᠢᠬᠤ ᠨᠢ ᠠᠷᠪᠢᠳᠤᠭᠠᠳ᠂ ᠵᠠᠷᠢᠮ ᠦᠶ᠎ᠡ ᠳᠤ ᠦᠬᠦᠭᠰᠡᠨ ᠴᠦ ᠪᠣᠯᠣᠭᠠᠰᠠᠢ ᠭᠡᠬᠦ ᠪᠤᠳᠤᠯ ᠳᠦᠷᠦᠳᠡᠭ︕ | ᠭᠡᠳ ᠨᠢᠭᠡ ᠵᠠᠯᠠᠭᠤ ᠬᠤᠨᠳᠠᠭᠠᠨ ᠳᠠᠭᠠᠨ ᠠᠷᠢᠬᠢ ᠨᠡᠮᠡᠵᠦ ᠪᠠᠶᠢᠨ᠎ᠠ᠃ | ︽ᠣᠴᠢᠵᠤ ᠣᠴᠢᠵᠤ ᠲᠦᠷᠦᠭᠰᠡᠨ ᠡᠵᠢ ᠠᠴᠠ ᠪᠠᠨ ᠤᠶᠢᠳᠬᠤ ᠪᠣᠯᠵᠤ᠃ ᠶᠣᠰᠣᠲᠠᠢ ᠬᠠᠷ᠎ᠠ ᠨᠢᠯᠬ᠎ᠠ ᠪᠠᠷ ᠨᠢ ᠥᠨᠥᠴᠢᠷᠡᠭᠦᠯᠵᠦ ᠪᠠᠶᠢᠯᠲᠠᠢ ᠲᠤᠷᠤᠰᠬ᠎ᠠ | ᠪᠤᠢ︕︾ ᠭᠡᠰᠡᠨ ᠬᠠᠷᠢᠶᠠᠯ ᠵᠦᠬᠡᠯ ᠤᠨ ᠰᠢᠨᠵᠢ ᠲᠠᠢ ᠬᠠᠴᠢᠨ ᠪᠤᠳᠤᠯ᠂ ᠰᠡᠳᠬᠢᠯ ᠳᠤ ᠣᠭᠰᠢᠭᠠᠳ ᠶᠠᠪᠤᠴᠢᠬᠠᠪᠠ᠃ ︽ᠡᠵᠢ ᠬᠥᠮᠥᠨ ᠤ ᠰᠡᠳᠬᠢᠯ ᠳᠤ ᠡᠶᠢᠮᠦ ᠪᠤᠳᠤᠯ | ᠶᠠᠭᠠᠬᠢᠵᠤ ᠪᠠᠭᠲᠠᠪᠠ︕︾ ᠬᠡᠮᠡᠨ ᠪᠢ ᠥᠪᠡᠷ ᠢᠶᠠᠨ ᠥᠪᠡᠷ ᠢ ᠪᠠᠨ ᠵᠢᠮᠡᠯᠡᠵᠦ᠂ ᠲᠣᠯᠣᠭᠠᠢ ᠡᠪᠡᠳᠴᠦ ᠪᠠᠶᠢᠬᠤ ᠪᠠᠷ ᠰᠢᠯᠲᠠᠨ᠂ ᠬᠤᠭᠤᠯᠠᠨ ᠰᠢᠷᠡᠭᠡᠨ ᠠᠴᠠ ᠰᠠᠯᠤᠯ᠎ᠠ᠃ | ᠣᠴᠢᠵᠤ ᠣᠴᠢᠵᠤ ᠲᠦᠷᠦᠭᠰᠡᠨ ᠡᠵᠢ ᠠᠴᠠ ᠪᠠᠨ ᠤᠶᠢᠳᠤᠨᠠ ᠭᠡᠨ᠎ᠡ ᠰᠢᠤ︕ ᠳᠤᠲᠠᠵᠤ ᠳᠤᠨᠳᠠᠷᠠᠨ ᠶᠠᠳᠠᠷᠠᠵᠤ ᠲᠤᠶᠢᠯᠳᠠᠬᠤ᠂ ᠠᠵᠢᠯ ᠦᠢᠯᠡᠰ ᠠᠬᠢᠴᠠ | ᠦᠭᠡᠢ ᠪᠤᠯᠬᠤ ᠁ ᠭᠡᠳ ᠲᠠᠭ᠎ᠠ ᠦᠭᠡᠢ ᠶᠠᠪᠤᠳᠠᠯ ᠲᠣᠬᠢᠶᠠᠯᠳᠤᠬᠤ ᠶᠢᠨ ᠴᠠᠭ ᠲᠤ ᠡᠵᠢ ᠳᠡᠭᠡᠨ ᠣᠴᠢᠭᠠᠳ ᠰᠡᠳᠬᠢᠯ ᠢᠶᠠᠨ ᠠᠭᠤᠵᠢᠷᠠᠲᠠᠯ᠎ᠠ ᠤᠭᠢᠯᠠᠴᠢᠬᠠᠬᠤ | ᠶᠤᠮᠰᠠᠨ ᠭᠡᠵᠦ ᠭᠠᠴᠢᠭᠳᠠᠬᠤ ᠦᠶ᠎ᠡ ᠲᠠᠭᠠᠷᠠᠳᠠᠭ ᠯᠠ ᠶᠤᠮ᠃ ᠮᠠᠭᠲᠠᠭᠠᠯ ᠰᠠᠶᠢᠰᠢᠶᠠᠯ᠂ ᠱᠠᠩᠨᠠᠯ ᠬᠥᠬᠢᠭᠦᠯᠦᠯ ᠣᠯᠴᠢᠬᠠᠭᠠᠳ ᠠᠵᠠ ᠵᠢᠷᠭᠠᠯ ᠢᠶᠠᠨ ᠬᠡᠨ ᠨᠢᠭᠡᠨ ᠲᠠᠢ | ᠬᠤᠪᠢᠶᠠᠯᠴᠠᠬᠤ ᠶᠤᠮᠰᠠᠨ ᠭᠡᠵᠦ ᠬᠥᠭᠰᠡᠬᠦ ᠦᠶ᠎ᠡ ᠴᠦ ᠪᠤᠢ᠃ ᠲᠡᠷᠡ ᠲᠤᠰᠤᠮ ᠢᠶᠠᠨ ᠬᠡᠦᠬᠡᠨ ᠥᠬᠢᠨ ᠬᠥᠮᠥᠨ ᠬᠠᠨᠢ ᠢᠵᠢᠯᠢ ᠲᠠᠢ ᠪᠤᠯᠬᠤ ᠭᠡᠵᠦ ᠪᠠᠶᠢᠭ᠎ᠠ ᠠᠩᠬᠠᠨ ᠤ | ᠬᠠᠶᠢᠷ᠎ᠠ ᠶᠢᠨ ᠪᠠᠶᠠᠰᠤᠯᠳᠤ ᠤᠴᠠᠷᠠᠯ ᠢᠶᠠᠨ ᠬᠠᠮᠤᠭ ᠠᠩᠬ᠎ᠠ ᠬᠡᠨ ᠳᠤ ᠰᠢᠪᠡᠨᠡᠬᠦ ᠪᠤᠢ︖ ᠡᠳᠡᠭᠡᠷ ᠨᠢ ᠬᠥᠮᠥᠨ ᠤ ᠠᠮᠢᠳᠤᠷᠠᠯ ᠤᠨ ᠶᠡᠷᠦᠳᠡ ᠶᠢᠨ ᠲᠣᠬᠢᠶᠠᠯᠳᠤᠯ ᠴᠦ | ︽ᠲᠦᠷᠦᠭᠰᠡᠨ ᠡᠬᠡ ᠶᠢᠨ ᠬᠠᠶᠢᠷ᠎ᠠ ᠶᠢᠨ ᠠᠷᠭᠠᠮᠵᠢᠶ᠎ᠠ︾ ᠠᠴᠠ ᠠᠯᠳᠠᠷᠠᠵᠤ ᠬᠤᠴᠣᠷᠤᠭᠰᠠᠨ ᠥᠨᠥᠴᠢᠨ ᠬᠥᠮᠥᠨ ᠳᠤ ᠠᠪᠴᠤ ᠬᠡᠯᠡᠪᠡᠯ ᠬᠠᠮᠤᠭ ᠤᠨ ᠡᠮᠵᠡᠭ | ᠠᠰᠠᠭᠤᠳᠠᠯ᠃ | ᠵᠠᠯᠠᠭᠤᠴᠤᠳ ᠠ᠋︕ ︽ᠵᠢᠷᠭᠠᠯ ᠵᠤᠪᠠᠯᠠᠩ ᠢᠶᠠᠨ ᠬᠤᠪᠢᠶᠠᠯᠴᠠᠬᠤ ᠬᠠᠮᠤᠭ ᠤᠨ ᠢᠲᠡᠭᠡᠯ ᠲᠠᠢ ᠬᠥᠮᠥᠨ ᠪᠣᠯ ᠡᠵᠢ ᠴᠢᠨᠢ ᠰᠢᠤ︕︾ ᠭᠡᠳᠡᠭ ᠢ ᠰᠠᠨᠠᠵᠤ | ᠶᠠᠪᠤᠬᠤ ᠳᠤ ᠢᠯᠡᠭᠦᠳᠡᠬᠦ ᠦᠭᠡᠢ᠃ | ᠪᠠᠰᠠ ᠨᠢᠭᠡ ᠤᠳᠠᠭ᠎ᠠ ᠮᠠᠨ ᠤ ᠵᠡᠷᠭᠡᠯᠡᠳᠡᠭᠡ ᠠᠰᠠᠷ ᠤᠨ ᠵᠠᠯᠠᠭᠤᠬᠠᠨ ᠡᠵᠢ ᠨᠠᠳᠠ᠄ ︽ᠮᠠᠨ ᠤ ᠬᠠᠳᠠᠮ ᠡᠵᠢ ᠪᠠᠰᠠ ᠯᠠ ᠬᠥᠳᠡᠭᠡ ᠮᠠᠯ ᠳᠡᠭᠡᠷ᠎ᠡ ᠪᠠᠨ ᠭᠡᠳ | ᠶᠠᠪᠤᠭᠠᠳ ᠥᠭᠭᠦᠭᠰᠡᠨ᠃ ᠲᠦᠷᠦᠭᠰᠡᠨ ᠬᠦᠦ ᠶᠢᠨ ᠢᠶᠠᠨ ᠬᠡᠦᠬᠡᠳ ᠢ ᠬᠠᠷᠠᠬᠤ ᠠᠴᠠ ᠬᠠᠯᠠᠰᠢᠷᠠᠨ᠎ᠠ᠃ ᠥᠲᠡᠯᠦᠭᠰᠡᠨ ᠬᠤᠶᠢᠨ᠎ᠠ ᠪᠠᠨ ᠠᠰᠠᠷᠠᠭᠤᠯᠬᠤ ᠪᠠᠨ ᠮᠠᠷᠲᠠᠭᠰᠠᠨ | ᠶᠤᠮ ᠪᠠᠶᠢᠯᠭᠦᠢ︕︾ ᠭᠡᠵᠦ ᠪᠠᠶᠢᠨ᠎ᠠ᠃ | ︽ᠡᠪᠦᠭᠡ ᠡᠮᠡᠭᠡ ᠨᠢ ᠣᠮᠪᠣᠯᠣ ᠳᠣᠮᠪᠣᠯᠤ ᠪᠠᠨ ᠰᠠᠭᠠᠲᠠᠭᠤᠯᠵᠤ ᠥᠰᠬᠡᠬᠦ ᠶᠢ ᠬᠥᠭᠰᠢᠷᠡᠭᠰᠡᠨ ᠬᠤᠶᠢᠨ᠎ᠠ ᠪᠠᠨ ᠥᠪᠡᠷ ᠢ ᠪᠠᠨ ᠠᠰᠠᠷᠠᠭᠤᠯᠵᠤ | ᠰᠤᠪᠢᠯᠠᠭᠤᠯᠬᠤ ᠭᠡᠰᠡᠨ ᠠᠷᠠᠯᠵᠢᠶ᠎ᠠ ᠮᠠᠶᠢᠮᠠᠢ ᠶᠢᠨ ᠬᠠᠷᠢᠯᠴᠠᠭ᠎ᠠ ᠲᠣᠭᠲᠠᠯᠴᠠᠭ᠎ᠠ ᠪᠠᠷ ᠣᠶᠢᠯᠠᠭᠠᠳᠠᠭ ᠪᠠᠶᠢᠬᠤ ᠨᠢ ᠁︾ ᠭᠡᠵᠦ ᠪᠤᠳᠤᠮᠠᠷ ᠬᠠᠴᠢᠨ ᠶᠠᠭᠤᠮ᠎ᠠ ᠶᠠᠷᠢᠯ᠎ᠠ᠃ | | ︽ᠲᠠᠨ ᠤ ᠠᠪᠤ ᠡᠵᠢ ᠠᠯᠢ ᠵᠡᠷᠭᠡ ᠶᠠᠭᠠᠷᠠᠤ ᠶᠤᠮ ᠪᠣᠯ ᠳ᠋ᠠ︖︾ ᠭᠡᠰᠡᠨ ᠳᠤ ︽ᠮᠢᠨᠤ ᠬᠦᠦ ᠮᠠᠷᠢᠶ᠎ᠠ ᠲᠠᠢ᠃ ᠲᠡᠷᠡ ᠬᠤᠶᠠᠷ ᠳᠠᠭᠠᠭᠠᠬᠤ ᠦᠭᠡᠢ︕︾ | ᠭᠡᠵᠦ ᠪᠠᠶᠢᠨ᠎ᠠ᠃ ᠡᠨᠡ ᠪᠡᠷᠢ ᠶᠢᠨ ᠨᠢᠳᠦᠨ ᠳᠤ ᠬᠠᠳᠠᠮ ᠡᠵᠢ ᠨᠢ ᠡᠪᠦᠳᠦᠭ ᠰᠢᠷᠤᠶᠢᠳᠠᠵᠤ ᠦᠵᠡᠭᠡ ᠦᠭᠡᠢ ᠠᠪᠤᠷᠭᠤ ᠪᠥᠬᠡᠴᠢᠨ ᠰᠢᠭ ᠬᠠᠷᠠᠭᠳᠠᠳᠠᠭ ᠪᠠᠶᠢᠬᠤ ᠨᠢ᠃ | ︽ᠠᠮᠢᠳᠤ ᠪᠤᠷᠬᠠᠨ ᠯᠠ ᠪᠢᠰᠢ ᠶᠤᠮ ᠪᠣᠯ ᠡᠶᠢᠮᠦ ᠰᠠᠨᠠᠭ᠎ᠠ ᠪᠤᠳᠤᠯ ᠲᠠᠢ ᠪᠡᠷᠢ ᠶᠢᠨ ᠰᠢᠨᠠᠭᠠᠨ ᠳᠣᠣᠷ᠎ᠠ ᠠᠶᠠᠭ᠎ᠠ ᠲᠤᠰᠴᠤ᠂ ᠡᠳᠦᠷ ᠬᠤᠨᠤᠭ ᠢ | ᠥᠩᠭᠡᠷᠡᠭᠡᠨ᠂ ᠣᠮᠪᠣᠯᠣ ᠪᠠᠨ ᠰᠠᠭᠠᠲᠠᠭᠤᠯᠬᠤ ᠭᠡᠭᠴᠢ ᠬᠡᠴᠡᠭᠦᠦ ᠯᠠ ᠪᠠᠶᠢᠳᠠᠭ ᠪᠠᠶᠢᠯᠭᠦᠢ︕︾ ᠭᠡᠵᠦ ᠪᠤᠳᠤᠭᠠᠳ ᠬᠡᠯᠡᠬᠦ ᠦᠭᠡ ᠴᠦ ᠣᠯᠳᠠᠭᠰᠠᠨ ᠦᠭᠡᠢ᠃ | ᠨᠢᠭᠡ ᠡᠳᠦᠷ ᠰᠤᠷᠤᠬᠴᠢᠳ ᠤᠨ ᠢᠶᠠᠨ ᠵᠣᠬᠢᠶᠠᠯ ᠢ ᠬᠢᠨᠠᠵᠤ ᠰᠠᠭᠤᠲᠠᠯ᠎ᠠ ︽ᠦᠷ᠎ᠡ ᠪᠠᠨ ᠭᠤᠯᠣᠭᠰᠠᠨ ᠡᠵᠢ︾ ᠭᠡᠰᠡᠨ ᠭᠠᠷᠴᠠᠭ ᠲᠠᠢ ᠵᠣᠬᠢᠶᠠᠯ ᠭᠠᠷᠴᠤ | ᠢᠷᠡᠪᠡ᠃ ᠲᠦᠷᠦᠭᠰᠡᠨ ᠡᠵᠢ ᠨᠢ ᠠᠪᠤ ᠲᠠᠢ ᠨᠢ ᠤᠷᠤᠭ ᠰᠠᠯᠤᠭᠠᠳ ᠥᠭᠡᠷ᠎ᠡ ᠬᠥᠮᠥᠨ ᠲᠠᠢ ᠬᠤᠷᠢᠮᠯᠠᠨ ᠭᠠᠭᠴᠠ ᠤᠳᠠᠭ᠎ᠠ ᠴᠦ ᠲᠡᠭᠦᠨ ᠢ ᠡᠷᠭᠢᠵᠦ ᠢᠷᠡᠭᠰᠡᠨ ᠦᠭᠡᠢ᠃ | ᠭᠡᠰᠡᠨ ᠴᠦ ᠪᠢᠳᠠ ᠬᠤᠶᠠᠷ ᠨᠢᠭᠤᠴᠠ ᠪᠣᠯᠵᠤᠭ᠎ᠠ ᠲᠠᠢ ᠁ ᠭᠡᠬᠦ ᠮᠡᠲᠦ ᠶᠢᠨ ᠡᠮᠭᠡᠨᠢᠯ ᠲᠠᠢ ᠮᠥᠷᠲᠡᠭᠡᠨ ᠬᠠᠴᠢᠷᠬᠠᠯ ᠲᠠᠢ ᠶᠠᠪᠤᠳᠠᠯ ᠢ ᠪᠢᠴᠢᠵᠡᠢ᠃ ︽ᠪᠢᠴᠢᠬᠠᠨ | ᠵᠣᠬᠢᠶᠠᠭᠴᠢ︾ ᠶᠢᠨ ᠢᠶᠠᠨ ᠪᠠᠶᠢᠷᠢ ᠶᠢᠨ ᠠᠮᠢᠳᠤᠷᠠᠯ ᠢ ᠣᠶᠢᠯᠠᠭᠠᠬᠤ ᠪᠠᠷ ᠠᠰᠠᠷᠠᠭᠴᠢ ᠲᠠᠢ ᠨᠢ ᠠᠭᠤᠯᠵᠠᠪᠠ᠃ | ᠠᠪᠤ ᠡᠵᠢ ᠲᠠᠢ ᠨᠢ ᠪᠢ ᠨᠢᠭᠡ ᠬᠤᠩᠬᠤᠷ ᠲᠤ ᠥᠰᠦᠭᠰᠡᠨ᠃ ᠠᠪᠤ ᠨᠢ ᠨᠣᠮᠣᠬᠠᠨ ᠯᠡ ᠬᠡᠦᠬᠡᠳ ᠪᠠᠶᠢᠭᠰᠠᠨ ᠶᠤᠮᠳᠠᠭ᠃ ᠰᠠᠷᠬᠤᠳ ︽ᠵᠣᠭᠤᠭᠯᠠᠭᠠᠳ︾ | ᠯᠠ ᠡᠬᠡᠨᠡᠷ ᠢᠶᠠᠨ ᠵᠣᠳᠣᠳᠠᠭ ᠬᠠᠴᠢᠨ ᠭᠠᠵᠢᠭ ᠰᠦᠭᠯᠡᠭᠰᠡᠨ ᠶᠤᠮ ᠪᠠᠶᠢᠬᠤ᠃ ᠡᠬᠡᠨᠡᠷ ᠨᠢ ᠬᠥᠭᠡᠷᠦᠬᠦᠢ᠂ ᠵᠣᠳᠣᠭᠤᠷ ᠢ ᠨᠢ ᠳᠠᠭᠠᠭᠠᠬᠤ ᠦᠭᠡᠢ ᠬᠤᠶᠠᠷ ᠵᠢᠯ ᠤᠨ | ᠡᠮᠦᠨ᠎ᠡ ᠰᠠᠯᠴᠢᠬᠠᠭᠰᠠᠨ᠃ ᠪᠤᠰᠤᠳ ᠤᠨ ᠦᠢᠯᠡ ᠯᠠᠢ ᠶᠢ ᠬᠠᠵᠠᠭᠤ ᠶᠢᠨ ᠬᠥᠮᠥᠨ ᠬᠡᠷᠬᠢᠨ ᠣᠶᠢᠯᠠᠭᠠᠬᠤ ᠪᠤᠢ ᠳ᠋ᠠ᠃ ᠬᠥᠮᠥᠨ ᠤ ᠡᠵᠢ ᠪᠣᠯᠤᠭᠰᠠᠨ ᠬᠤᠶᠢᠨ᠎ᠠ | ᠬᠡᠦᠬᠡᠳ ᠢᠶᠠᠨ ᠰᠠᠨᠠᠳᠠᠭ ᠯᠠ ᠪᠠᠶᠢᠯᠭᠦᠢ᠃ ᠬᠠᠶᠠ ᠮᠢᠨᠤ ᠠᠯᠪᠠᠨ ᠭᠡᠷ ᠲᠤ ᠢᠷᠡᠭᠡᠳ ᠬᠦᠦ ᠶᠢᠨ ᠢᠶᠠᠨ ᠨᠠᠭᠠᠳᠴᠤ ᠲᠣᠭᠯᠠᠬᠤ᠂ ᠭᠠᠷᠴᠤ ᠣᠷᠣᠬᠤ ᠶᠢ ᠴᠣᠩᠬᠤ ᠪᠠᠷ | ᠬᠠᠷᠠᠨ ᠤᠬᠢᠯᠠᠵᠤ ᠤᠭᠢᠯᠠᠭᠠᠳ ᠶᠠᠪᠤᠳᠠᠭ ᠰᠠᠨ᠃︽ᠠᠭᠤᠯᠵᠠᠭᠠᠳ ᠶᠠᠪᠤᠪᠠᠯ ᠶᠠᠭᠠᠬᠢᠭᠰᠠᠨ ᠶᠤᠮ︖︾ ᠭᠡᠬᠦᠯᠡᠷ ︽ᠬᠤᠶᠠᠷ ᠤᠨ ᠬᠤᠭᠤᠷᠣᠨᠳᠤ ᠬᠡᠦᠬᠡᠳ ᠤᠨ | ᠰᠠᠨᠠᠭ᠎ᠠ ᠶᠢ ᠬᠤᠪᠢᠶᠠᠬᠳᠠᠭᠤᠯᠤᠭᠠᠳ ᠶᠠᠭᠠᠬᠢᠬᠤ ᠪᠤᠢ︕︾ ᠭᠡᠨ᠎ᠡ᠃ ︽ᠲᠡᠶᠢᠮᠦ ᠯᠡ ᠶᠤᠮ ᠪᠠᠶᠢᠯᠭᠦᠢ︕︾ ᠭᠡᠵᠦ ᠪᠤᠳᠤᠭᠠᠳ ᠪᠢ ᠴᠦ ᠰᠠᠨᠠᠭᠠᠨ ᠳᠠᠭᠠᠨ ᠠᠪᠤᠭᠰᠠᠨ | ᠦᠭᠡᠢ᠃ ᠬᠡᠵᠢᠶ᠎ᠡ ᠬᠤᠶᠢᠨ᠎ᠠ ᠨᠢ ︽ᠬᠦᠦ ᠨᠢ ᠡᠵᠢ ᠲᠠᠢ ᠪᠠᠨ ᠠᠭᠤᠯᠵᠠᠭᠰᠠᠨ ᠢ ᠰᠣᠨᠣᠰᠪᠠᠯ ᠬᠦᠦ ᠪᠠᠨ ᠪᠠᠷᠢᠵᠤ ᠵᠣᠳᠣᠬᠤ ᠪᠠᠷ ᠪᠠᠷᠠᠬᠤ ᠦᠭᠡᠢ ︿ᠡᠵᠢ ᠪᠠᠨ ᠰᠠᠨᠠᠵᠤ | ᠪᠠᠶᠢᠨ᠎ᠠ﹀ ᠭᠡᠵᠦ ᠬᠡᠯᠡᠬᠦ ᠶᠢ ᠴᠦ ᠵᠥᠪᠰᠢᠶᠡᠷᠡᠳᠡᠭ ᠦᠭᠡᠢ ᠭᠡᠨ᠎ᠡ︾ ᠭᠡᠵᠦ ᠨᠤᠲᠤᠭ ᠤᠨ ᠬᠥᠮᠥᠰ ᠠᠴᠠ ᠰᠣᠨᠣᠰᠤᠭᠠᠳ᠂ ᠪᠢ ᠡᠵᠢ ᠲᠠᠢ ᠨᠢ ᠵᠥᠪᠳᠡᠯᠴᠡᠨ ᠡᠵᠢ ᠬᠦᠦ | ᠬᠤᠶᠠᠷ ᠢ ᠳᠠᠯᠳᠠᠭᠤᠷ ᠠᠭᠤᠯᠵᠠᠭᠤᠯᠳᠠᠭ ᠪᠣᠯᠤᠭᠰᠠᠨ ᠶᠤᠮ᠃ | ᠤᠯᠠᠨ ᠤ ᠤᠯᠠᠨ ᠳᠤ ᠶᠠᠮᠠᠷᠴᠤ ᠠᠭᠠᠰᠢ ᠠᠷᠠᠨᠰᠢᠨ ᠲᠠᠢ ᠬᠥᠮᠥᠨ ᠪᠠᠶᠢᠬᠤ ᠶᠤᠮ᠃ ᠰᠠᠨᠠᠭ᠎ᠠ ᠰᠡᠳᠬᠢᠯ ᠲᠠᠭᠠᠷᠠᠯᠴᠠᠬᠤ ᠦᠭᠡᠢ ᠰᠠᠯᠵᠤ ᠪᠤᠳᠠᠷᠠᠯᠠ ᠴᠦ | ᠭᠡᠰᠡᠨ ᠬᠡᠦᠬᠡᠳ ᠲᠤ ᠶᠠᠮᠠᠷ ᠪᠤᠷᠤᠭᠤ ᠪᠠᠶᠢᠬᠤ ᠪᠤᠢ᠃ ᠠᠰ ᠠᠰ ᠤᠨ ᠢᠶᠠᠨ ᠵᠠᠮ ᠢ ᠬᠥᠭᠡᠭᠡᠭᠰᠡᠨ ᠴᠦ ᠦᠯᠡᠳᠡᠵᠦ ᠬᠤᠴᠣᠷᠤᠭᠰᠠᠨ ᠦᠷ᠎ᠡ ᠬᠡᠦᠬᠡᠳ ᠲᠡᠭᠡᠨ ᠬᠠᠯᠠ | ᠠᠮᠰᠠᠭᠤᠯᠤᠭᠰᠠᠨ ᠤ ᠬᠡᠷᠡᠭ ᠶᠠᠭᠤ ᠪᠢᠯᠡ᠃ ᠬᠦᠦ ᠪᠠᠨ ᠦᠵᠡᠬᠦ ᠪᠠᠷ ᠡᠵᠢ ᠶᠢ ᠨᠢ ᠬᠤᠷᠣᠰᠤᠭᠠᠳ ᠪᠠᠶᠢᠳᠠᠭ ᠶᠤᠮ ᠪᠣᠯ ᠨᠢᠭᠡᠮᠦᠰᠦᠨ ᠡᠵᠢ ᠳᠤᠨᠢ ᠥᠭᠴᠢᠬᠡᠬᠦ ᠶᠢ | ᠬᠦᠷᠬᠦ ᠦᠭᠡᠢ᠃ ᠬᠡᠯᠡᠬᠦ ᠠᠴᠠ ᠬᠤᠶᠢᠲᠤ ᠠᠪᠤ ᠨᠢ ᠶᠠᠮᠠᠷ ᠰᠢᠤᠬᠠᠨ ᠠᠪᠤ ᠲᠠᠭᠠᠷᠠᠬᠰᠠᠨ ᠶᠤᠮ ᠪᠣᠯ ᠳ᠋ᠠ᠂ ᠬᠥᠭᠡᠷᠦᠬᠦᠢ︕ | ᠬᠤᠶᠢᠲᠤ ᠠᠪᠤ ᠭᠡᠰᠡᠨ ᠠᠴᠠ ᠪᠢ ᠴᠢᠨᠢ ᠬᠤᠶᠢᠲᠤ ᠡᠵᠢ ᠲᠠᠢ ᠬᠥᠮᠥᠨ᠃ ᠬᠤᠷᠢ ᠴᠦ ᠭᠦᠷᠦᠭᠡ ᠦᠭᠡᠢ ᠬᠤᠶᠢᠲᠤ ᠡᠵᠢ ᠮᠢᠨᠢ᠂ ᠭᠤᠷᠪᠠ ᠶᠢᠨ ᠭᠤᠷᠪᠠᠨ | ᠥᠨᠥᠴᠢᠨ ᠬᠡᠦᠬᠡᠳ ᠳᠠᠭᠠᠭᠤᠯᠤᠭᠰᠠᠨ ᠠᠪᠤ ᠲᠠᠢ ᠮᠢᠨᠢ ᠲᠣᠯᠣᠭᠠᠢ ᠬᠤᠯᠪᠣᠭᠰᠠᠨ ᠳ᠋ᠠ᠂ ᠬᠥᠭᠡᠷᠦᠬᠦᠢ︕ | ᠬᠤᠶᠢᠲᠤ ᠡᠵᠢ ᠮᠢᠨᠢ᠂ ᠮᠠᠨ ᠤ ᠠᠬ᠎ᠠ ᠳᠡᠭᠦᠦ ᠬᠡᠳᠦᠭᠦᠯᠡ ᠳᠤ ᠲᠦᠷᠦᠭᠰᠡᠨ ᠡᠵᠢ ᠠᠴᠠ ᠴᠦ ᠬᠠᠶᠢᠷᠠᠲᠠᠢ ᠪᠠᠶᠢᠭᠰᠠᠨ ᠪᠣᠯᠬᠤᠷ ︽ᠬᠤᠶᠢᠲᠤ︾ ᠭᠡᠬᠦ | ᠲᠣᠳᠣᠳᠬᠠᠯ ᠢ ᠬᠡᠷᠡᠭᠯᠡᠵᠦ ᠶᠡᠷᠦᠳᠡᠭᠡᠨ ᠥᠩᠭᠡᠷᠡᠭᠡ ᠦᠭᠡᠢ᠃ ᠶᠠᠳᠠᠭᠤ ᠲᠠᠷᠴᠢᠭ ᠲᠤᠬᠠᠢ ᠶᠢᠨ ᠣᠷᠴᠢᠨ ᠳᠤ ᠮᠠᠨ ᠤ ᠠᠬ᠎ᠠ ᠳᠡᠭᠦᠦ ᠬᠡᠳᠦᠭᠦᠯᠡ | ᠰᠤᠷᠭᠠᠭᠤᠯᠢ ᠠᠴᠠ ᠪᠠᠨ ᠪᠦᠭᠡᠰᠦ ᠬᠢᠭᠤᠷᠰᠤ ᠶᠢ ᠦᠨ᠎ᠡ ᠲᠥᠯᠥᠪᠦᠷᠢ ᠦᠭᠡᠢ ᠶᠠᠭᠤᠮ᠎ᠠ ᠭᠡᠰᠡᠨ ᠰᠢᠭ ᠡᠭᠦᠷᠦᠭᠡᠳ ᠢᠷᠡᠳᠡᠭ ᠪᠠᠶᠢᠵᠤ ᠪᠢᠯᠡ᠃ ᠣᠷᠣᠵᠤ ᠢᠷᠡᠩᠭᠦᠲᠡ | ᠡᠵᠢ ᠮᠢᠨᠢ ᠬᠠᠮᠤᠭ ᠬᠤᠪᠴᠠᠰᠤ ᠬᠤᠨᠠᠷ ᠢ ᠬᠠᠤ ᠲᠠᠳᠠᠨ ᠠᠪᠤᠭᠠᠳ ᠵᠤᠨ ᠤ ᠴᠠᠭ ᠲᠤ ᠬᠠᠯᠠᠭᠤᠨ ᠤᠰᠤᠨ ᠳᠤ ᠰᠢᠯᠵᠠᠯᠠᠵᠤ᠂ ᠡᠪᠦᠯ ᠤᠨ ᠬᠦᠢᠲᠡᠨ ᠳᠤ ᠭᠠᠳᠠᠭ᠎ᠠ | ᠬᠥᠯᠳᠡᠭᠡᠨ ᠤᠰᠠᠳᠬᠠᠨ᠎ᠠ᠃ ᠬᠠᠭᠠᠷᠬᠠᠢ ᠴᠤᠭᠤᠷᠬᠠᠢ ᠶᠢ ᠨᠥᠬᠦᠵᠦ ᠴᠦᠢᠯᠳᠦᠨ᠂ ᠬᠤᠭᠤᠯᠠ ᠴᠠᠢ ᠪᠡᠯᠡᠳᠬᠡᠨ ᠶᠠᠭᠠᠷᠠᠳᠠᠭ ᠰᠠᠨ᠃ ᠠᠪᠤ ᠡᠵᠢ ᠶᠢᠨ ᠠᠯᠢ ᠠᠯᠢ ᠨᠢ | ᠠᠵᠢᠯᠰᠠᠭ ᠤᠯᠤᠰ ᠤᠳ ᠪᠠᠶᠢᠭᠰᠠᠨ ᠪᠣᠯᠬᠤᠷ ᠮᠠᠨ ᠤ ᠠᠮᠢᠳᠤᠷᠠᠯ ᠲᠡᠳᠦᠢ ᠯᠡ ᠲᠠᠷᠳᠠᠭ ᠲᠠᠭᠠᠨ ᠲᠤᠯᠵᠤ ᠪᠠᠶᠢᠭ᠎ᠠ ᠦᠭᠡᠢ᠃ ᠰᠤᠷᠭᠠᠭᠤᠯᠢ ᠶᠢᠨ ᠬᠦᠷᠢᠶᠡᠨ ᠳᠤ ᠡᠳᠦᠢ | ᠲᠡᠳᠦᠢ ᠬᠡᠦᠬᠡᠳ ᠤᠳ ᠰᠠᠯᠲᠠᠭ᠎ᠠ ᠨᠢ ᠳᠡᠯᠭᠡᠭᠰᠡᠨ ᠥᠮᠥᠳᠦ᠂ ᠴᠤᠭᠤᠷᠬᠠᠢ ᠱᠠᠬᠠᠢ ᠲᠠᠢ ᠭᠦᠶᠦᠯᠴᠡᠵᠦ ᠪᠠᠶᠢᠬᠤ ᠳᠤ᠂ ᠬᠠᠷᠢᠨ ᠮᠠᠨ ᠤ ᠠᠬ᠎ᠠ ᠳᠡᠭᠦᠦ ᠬᠡᠳᠦᠭᠦᠯᠡ | ᠨᠥᠬᠦᠭᠡᠰᠦ ᠲᠠᠢ ᠪᠤᠯᠪᠠᠴᠤ ᠬᠠᠯᠠᠵᠤ ᠰᠣᠯᠢᠬᠤ ᠬᠤᠪᠴᠠᠰᠤᠲ᠋ᠠᠢ ᠭᠦᠶᠦᠯᠳᠦᠳᠡᠭ ᠪᠠᠶᠢᠯ᠎ᠠ᠃ | ᠡᠵᠢ ᠮᠢᠨᠢ ᠭᠠᠷ ᠤᠷᠠᠨ᠂ ᠠᠪᠬᠠᠯᠵᠢ ᠰᠠᠶᠢᠲᠠᠢ ᠬᠥᠮᠥᠨ ᠪᠠᠶᠢᠭᠰᠠᠨ᠃ ᠬᠠᠭᠤᠴᠢᠷᠠᠭᠰᠠᠨ ᠬᠤᠳᠠᠯᠳᠤᠭ᠎ᠠ ᠱᠠᠬᠠᠢ ᠶᠢ ᠰᠠᠶᠢᠬᠠᠨ ᠬᠠᠭᠵᠠᠯᠠᠵᠤ ᠤᠬᠢᠶᠠᠭᠠᠳ | ᠬᠠᠮᠠᠷ᠂ ᠵᠤᠯᠤᠭ ᠢᠶᠠᠷ ᠨᠢ ᠰᠠᠯᠭᠠᠨ ᠴᠠᠭᠠᠰᠤᠨ ᠳᠡᠭᠡᠷ᠎ᠡ ᠲᠠᠯᠪᠢᠵᠤ ᠬᠠᠷᠠᠨᠳᠠ ᠪᠠᠷ ᠬᠡᠪ ᠵᠠᠭᠪᠤᠷ ᠢ ᠨᠢ ᠵᠢᠷᠤᠵᠤ ᠠᠪᠤᠭᠠᠳ ᠲᠡᠭᠦᠨ ᠢᠶᠠᠷ ᠢᠶᠠᠨ ᠦᠯᠢᠭᠡᠷᠯᠡᠨ ᠮᠠᠨᠤᠰ ᠲᠤ | ᠱᠠᠬᠠᠢ ᠣᠶᠣᠳᠠᠭ᠃ ᠶᠡᠭᠡ ᠪᠠᠭ᠎ᠠ ᠦᠭᠡᠢ ᠳᠤᠯᠠᠭᠠᠨ ᠲᠠᠭᠠᠯᠠᠮᠵᠢᠲᠠᠢ᠂ ᠪᠠᠷᠤᠭ ᠲᠠᠢ ᠤᠷᠠᠭᠳᠠᠳᠠᠭ ᠦᠭᠡᠢ᠂ ᠬᠤᠳᠠᠯᠳᠤᠭ᠎ᠠ ᠱᠠᠬᠠᠢ ᠠᠴᠠ ᠬᠤᠵᠢᠭᠳᠠᠬᠤ ᠦᠭᠡᠢ ᠣᠶᠣᠮᠠᠯ | ᠱᠠᠬᠠᠢ ᠪᠠᠷ ᠲᠠᠪᠠᠷᠠᠭᠠᠨᠠ᠃ ᠮᠢᠨᠤ ᠬᠠᠷ᠎ᠠ ᠱᠠᠬᠠᠢ ᠶᠢᠨ ᠬᠠᠮᠠᠷ ᠳᠡᠭᠡᠷ᠎ᠡ ᠶᠠᠭᠠᠨ ᠬᠤᠸᠠᠷ ᠬᠠᠳᠬᠤᠭᠠᠳ ᠤᠯᠠᠮ ᠴᠦ ᠪᠦᠷ ᠬᠥᠭᠡᠷᠦᠬᠦᠨ ᠪᠣᠯᠭᠠᠨ᠎ᠠ᠃ ᠲᠡᠭᠡᠭᠡᠳ ᠯᠡ | ᠡᠬᠢᠨ ᠤ ᠬᠡᠳᠦᠨ ᠡᠳᠦᠷ ᠰᠢᠷᠣᠢ ᠲᠣᠭᠤᠰᠣ ᠨᠠᠭᠠᠯᠳᠤᠬᠤ ᠠᠴᠠ ᠬᠢᠴᠢᠶᠡᠨ ᠬᠥᠩᠭᠡᠨ ᠱᠦᠩᠭᠡᠨ ᠠᠯᠬᠤᠵᠤ ᠭᠢᠰᠬᠢᠨ᠎ᠡ᠃ ᠣᠷᠪᠣᠭ ᠪᠤᠳᠠ ᠶᠢ ᠲᠣᠭᠤᠷᠢᠵᠤ ᠭᠠᠷᠤᠨ᠎ᠠ᠃ | ᠬᠡᠦᠬᠡᠳ ᠤᠨ ᠲᠡᠪᠴᠢᠶᠡᠷᠢ ᠬᠡᠳᠦᠶᠢᠬᠡᠨ ᠪᠠᠶᠢᠬᠤ ᠪᠤᠢ᠃ ᠨᠢᠭᠡ ᠯᠡ ᠮᠡᠳᠡᠬᠦ ᠳᠤ ᠬᠠᠷ᠎ᠠ᠂ ᠶᠠᠭᠠᠨ ᠨᠢ ᠢᠯᠭᠠᠷᠠᠭᠰᠠᠨ ᠥᠨᠥ ᠭᠤᠶᠤ ᠱᠠᠬᠠᠢ ᠴᠦ ᠪᠣᠷᠣ ᠰᠠᠭᠠᠷᠠᠯ | ᠶᠠᠭᠤᠮ᠎ᠠ ᠪᠣᠯᠴᠢᠬᠠᠭᠰᠠᠨ ᠪᠠᠶᠢᠨ᠎ᠠ᠃ | ᠠᠷᠪᠠᠨ ᠰᠠᠷ᠎ᠠ ᠶᠢᠨ ᠴᠢᠯᠦᠭᠡ ᠪᠠᠷ ᠰᠤᠷᠭᠠᠭᠤᠯᠢ ᠠᠴᠠ ᠪᠠᠨ ᠭᠦᠶᠦᠯᠴᠡᠨ ᠢᠷᠡᠬᠦ ᠳᠤ᠂ ᠡᠵᠢ ᠮᠢᠨᠢ ᠤᠳᠬᠤᠨ ᠳᠡᠭᠦᠦ ᠶᠢ ᠡᠭᠦᠷᠦᠭᠡᠳ ᠨᠠᠮᠤᠷ ᠤᠨ ᠰᠢᠷ᠎ᠠ | ᠨᠠᠷᠠᠨ ᠳᠤ ᠬᠤᠨᠢ ᠪᠠᠨ ᠬᠠᠷᠢᠭᠤᠯᠤᠨ ᠶᠠᠪᠤᠵᠤ ᠪᠠᠶᠢᠭᠰᠠᠨ ᠳᠦᠷᠢ ᠵᠢᠷᠤᠭ ᠨᠢ ᠰᠠᠨᠠᠭᠠᠨ ᠠᠴᠠ ᠶᠡᠷᠦ ᠭᠠᠷᠳᠠᠭ ᠦᠭᠡᠢ᠃ ᠬᠥᠭᠡᠷᠦᠬᠦᠢ ᠡᠵᠢ ᠮᠢᠨᠢ ᠵᠤᠨ ᠤ ᠬᠠᠯᠠᠭᠤᠨ᠂ | ᠬᠠᠪᠤᠷ ᠤᠨ ᠰᠢᠭᠤᠷᠭ᠎ᠠ᠂ ᠡᠪᠦᠯ ᠤᠨ ᠬᠠᠬᠢᠷ ᠬᠦᠢᠲᠡᠨ ᠢ ᠬᠠᠶᠢᠬᠤᠷᠤᠯ ᠦᠭᠡᠢ ᠬᠡᠦᠬᠡᠳ ᠢᠶᠠᠨ ᠡᠭᠦᠷᠦᠨ ᠮᠠᠯ ᠢᠶᠠᠨ ᠬᠠᠷᠢᠭᠤᠯᠵᠤ ᠶᠠᠳᠠᠷᠠᠵᠤ ᠵᠦᠳᠡᠷᠡᠭᠰᠡᠨ ᠴᠦ ᠮᠠᠨ ᠤ | ᠠᠬ᠎ᠠ ᠳᠡᠭᠦᠦ ᠬᠡᠳᠦᠭᠦᠯᠡ ᠶᠢᠨ ᠠᠯᠢ ᠶᠢ ᠨᠢ ᠴᠦ ᠰᠤᠷᠭᠠᠭᠤᠯᠢ ᠠᠴᠠ ᠳᠤᠲᠠᠭᠤ ᠲᠤᠷᠭᠤᠨ ᠵᠣᠭᠰᠣᠭᠠᠭᠠ ᠦᠭᠡᠢ᠃ | ᠠᠷᠪᠠ ᠭᠦᠷᠦᠭᠰᠡᠨ ᠪᠢ ᠶᠠᠳᠠᠵᠤ ᠭᠤᠯᠢᠷ ᠵᠢᠭᠤᠷᠠᠴᠢᠬᠠᠵᠤ ᠴᠢᠳᠠᠳᠠᠭ ᠦᠭᠡᠢ᠂ ᠤᠷᠤᠭᠰᠢ ᠨᠢ ᠲᠠᠰᠤᠷᠠᠴᠢᠬᠠᠭᠰᠠᠨ ᠠᠮᠢᠳᠠᠨ ᠪᠠᠶᠢᠯ᠎ᠠ᠃ ᠭᠠᠯ | ᠲᠣᠭᠤᠭᠠᠨ ᠤ ᠠᠵᠢᠯ ᠳᠤ ᠬᠠᠮ ᠲᠠᠮ ᠪᠤᠯᠬᠤ ᠶᠢ ᠪᠤᠳᠤᠳᠠᠭ ᠦᠭᠡᠢ ᠶᠠᠪᠤᠭᠰᠠᠨ ᠤ ᠮᠢᠨᠢ ᠭᠠᠢ᠃ ᠬᠡᠦᠬᠡᠳ ᠢᠶᠠᠨ ᠭᠡᠰᠡᠨ ᠡᠬᠡ ᠶᠢᠨ ᠬᠠᠶᠢᠷ᠎ᠠ ᠳᠤ ᠶᠠᠮᠠᠷ ᠪᠤᠷᠤᠭᠤ | ᠪᠠᠶᠢᠬᠤ ᠪᠤᠢ᠃ ᠭᠤᠣᠯ ᠨᠢ ᠵᠢᠷᠭᠠᠯ ᠳᠤ ᠲᠠᠰᠢᠭᠤᠷᠠᠬᠰᠠᠨ ᠮᠢᠨᠤ ᠯᠠ ᠬᠤᠬᠢ ᠶᠤᠮ ᠳ᠋ᠠ᠃ | ᠤᠳᠬᠤᠨ ᠳᠡᠭᠦᠦ ᠮᠢᠨᠢ ᠡᠵᠢ ᠶᠢᠨ ᠨᠢᠭᠤᠷᠤᠨ ᠠᠴᠠ ᠪᠦᠷᠢᠨ ᠪᠠᠭᠤᠵᠤ ᠵᠠᠪᠳᠤᠭ᠎ᠠ ᠦᠭᠡᠢ ᠨᠢᠯᠬ᠎ᠠ ᠪᠠᠷ ᠢᠶᠠᠨ ᠰᠢᠬᠠᠮ ᠡᠵᠢ ᠠᠴᠠ ᠪᠠᠨ ᠥᠨᠥᠴᠢᠷᠡᠭᠰᠡᠨ | ᠳ᠋ᠠ᠂ ᠵᠠᠶᠢᠯᠠᠭᠤᠯ︕ ᠡᠵᠢ ᠠᠴᠠ ᠬᠤᠶᠢᠰᠢ ᠮᠠᠨ ᠤ ᠠᠬ᠎ᠠ ᠳᠡᠭᠦᠦ ᠭᠡᠳᠦ ᠤᠳᠬᠤᠨ ᠳᠡᠭᠦᠦ ᠳᠡᠭᠡᠨ ᠬᠠᠶᠢᠷ᠎ᠠ ᠬᠠᠯᠠᠮᠵᠢ ᠪᠠᠨ ᠢᠯᠡᠭᠦᠬᠡᠨ ᠲᠠᠯᠪᠢᠳᠠᠭ ᠪᠠᠶᠢᠯ᠎ᠠ᠃ ᠲᠥᠯ | ᠮᠠᠯ ᠲᠤᠰᠬᠤ᠂ ᠬᠤᠨᠢ ᠬᠠᠷᠢᠭᠤᠯᠬᠤ᠂ ᠬᠤᠷᠤᠭ᠎ᠠ ᠬᠤᠳᠠ ᠨᠤᠷᠠᠯᠠᠬᠤ᠂ ᠬᠤᠳᠳᠤᠭ ᠤᠨ ᠮᠥᠰᠥ ᠴᠤᠭᠤᠯᠬᠤ ᠁ ᠮᠡᠲᠦ ᠶᠢᠨ ᠡᠳᠦᠷ ᠲᠤᠳᠤᠮ ᠤᠨ ᠰᠤᠨᠵᠢᠷᠠᠭᠰᠠᠨ | ᠠᠵᠢᠯ ᠠᠴᠠ ᠭᠠᠳᠠᠨ᠎ᠠ ᠬᠤᠩᠬᠤᠷᠯᠠᠵᠤ ᠬᠤᠷᠠᠭᠰᠠᠨ ᠴᠠᠰᠤ ᠮᠥᠰᠥ ᠶᠢ ᠬᠤᠯᠠᠳᠠᠭᠤᠯᠬᠤ᠂ ᠣᠪᠣᠭᠠᠷᠠᠨ ᠵᠤᠵᠠᠭᠠᠷᠠᠭᠰᠠᠨ ᠬᠥᠷᠵᠡᠩ ᠬᠤᠷᠤᠭ᠎ᠠ ᠭᠢᠰᠬᠢᠬᠦ ᠁ ᠭᠡᠳ | ᠬᠦᠨᠳᠦ ᠬᠦᠴᠢᠷ ᠬᠥᠳᠡᠭᠡ ᠶᠢᠨ ᠬᠠᠷ᠎ᠠ ᠪᠣᠷᠣ ᠠᠵᠢᠯ ᠳᠤ ᠠᠪᠤ ᠶᠢᠨ ᠳᠠᠭᠠᠭᠤᠯᠭ᠎ᠠ ᠪᠠᠷ ᠠᠬ᠎ᠠ ᠳᠡᠭᠦᠦ ᠬᠡᠳᠦᠭᠦᠯᠡ ᠪᠠᠨ ᠭᠦᠷᠡᠶᠢᠳᠡᠭ ᠪᠠᠶᠢᠭᠰᠠᠨ ᠴᠦ ᠠᠯᠢ | ᠪᠤᠯᠬᠤ ᠪᠠᠷ ᠤᠳᠬᠤᠨ ᠳᠡᠭᠦᠦ ᠪᠠᠨ ᠨᠢᠯᠬ᠎ᠠ ᠶᠤᠮ ᠭᠡᠳ ᠬᠢᠷᠢ ᠪᠠᠷᠤᠭ ᠤᠨ ᠠᠵᠢᠯ ᠳᠤ ᠣᠷᠣᠯᠴᠠᠭᠤᠯᠳᠠᠭ ᠦᠭᠡᠢ᠃ ᠲᠡᠭᠡᠭᠰᠡᠭᠡᠷ ᠪᠠᠶᠢᠵᠤ ᠪᠦᠷ ᠵᠠᠩᠰᠢᠴᠢᠬᠠᠭᠠᠳ | ᠮᠠᠯ ᠤᠨ ᠠᠷᠤ ᠠᠴᠠ ᠶᠠᠪᠤᠬᠤ ᠮᠠᠰᠢ ᠳᠤᠷ᠎ᠠ ᠦᠭᠡᠢ ᠬᠡᠦᠬᠡᠳ ᠪᠣᠯᠵᠤ ᠬᠥᠮᠥᠵᠢᠭᠳᠡᠭᠰᠡᠨ ᠶᠤᠮ᠃ | ᠨᠢᠷᠤᠭᠤ ᠴᠢᠩᠭ᠎ᠠ᠂ ᠭᠦᠳᠡᠯᠮᠦᠷᠢᠴᠢ ᠠᠪᠤ ᠶᠢᠨ ᠮᠢᠨᠢ ᠠᠷᠤ ᠳᠤ᠂ ᠮᠠᠨ ᠤ ᠭᠡᠷ ᠪᠦᠯᠢ ᠶᠢᠨ ᠬᠢᠨ ᠢ ᠲᠠᠶᠢᠴᠢᠯᠠᠨ ᠵᠠᠬᠢᠷᠳᠠᠭ ᠡᠮᠡᠭᠡ ᠡᠵᠢ ᠪᠠᠶᠢᠯ᠎ᠠ᠃ ᠲᠡᠮᠡᠭᠡ | ᠮᠠᠯ ᠴᠤᠭᠯᠠᠭᠤᠯᠬᠤ᠂ ᠬᠠᠮᠲᠤ ᠶᠢᠨ ᠭᠦᠳᠡᠯᠮᠦᠷᠢ ᠳᠤ ᠣᠷᠤᠯᠴᠠᠬᠤ ᠁ ᠭᠡᠳ ᠡᠷ᠎ᠡ ᠪᠦᠰᠡᠲᠡᠢ ᠬᠥᠮᠥᠨ ᠳᠤ ᠭᠠᠳᠠᠭᠰᠢ ᠭᠠᠷᠬᠤ ᠶᠠᠪᠤᠳᠠᠯ ᠮᠤᠩᠳᠠᠬᠤ ᠦᠭᠡᠢ᠃ | ᠲᠡᠭᠡᠭᠡᠳ ᠯᠡ ᠨᠠᠰᠤᠨ ᠥᠨᠳᠥᠷ ᠪᠣᠯᠤᠭᠰᠠᠨ ᠡᠮᠡᠭᠡ ᠮᠢᠨᠢ ᠬᠠᠷᠢᠭᠤᠯᠤᠭᠰᠠᠨ ᠮᠠᠯ ᠢᠶᠠᠨ ᠬᠠᠮᠲᠤ ᠳᠤ ᠲᠤᠰᠢᠶᠠᠨ᠂ ᠲᠤᠯᠭᠠᠨ ᠤ ᠵᠡᠭᠦᠨ ᠵᠠᠬ᠎ᠠ ᠡᠵᠡᠭᠦᠶᠢᠷᠡᠭᠰᠡᠨ | ᠮᠠᠨ ᠤ ᠳᠤ ᠢᠷᠡᠵᠦ᠂ ᠡᠵᠢ ᠶᠢᠨ ᠣᠷᠣᠨ ᠳᠤ ᠡᠵᠢ ᠪᠣᠯᠣᠨ᠂ ᠬᠥᠯ ᠨᠢ ᠬᠦᠷᠬᠦ ᠦᠭᠡᠢ ᠭᠠᠵᠠᠷ ᠲᠤ ᠠᠮᠠ ᠨᠢ ᠬᠦᠷᠴᠦ᠂ ᠪᠢᠳᠡᠨ ᠢ ᠵᠢᠭᠠᠵᠤ ᠵᠠᠬᠢᠷᠤᠨ ᠵᠥᠪ ᠰᠠᠶᠢᠬᠠᠨ | ᠬᠥᠮᠥᠵᠢᠭᠦᠯᠦᠭᠰᠡᠨ ᠳ᠋ᠠ᠃ | ᠠᠪᠤ ᠶᠢᠨ ᠤᠶᠢᠭ᠎ᠠ ᠦᠭᠡᠢ ᠴᠢᠷᠮᠠᠶᠢᠯᠭ᠎ᠠ᠂ ᠡᠮᠡᠭᠡ ᠶᠢᠨ ᠴᠢᠩᠭ᠎ᠠ ᠰᠤᠷᠭᠠᠯ ᠢᠶᠠᠷ ᠮᠠᠨ ᠤ ᠠᠬ᠎ᠠ ᠳᠡᠭᠦᠦ ᠭᠡᠳᠦ ᠪᠠᠶᠠᠷᠯᠠᠬᠤ ᠳᠠᠭᠠᠨ ᠪᠠᠶᠠᠷᠯᠠᠨ᠂ | ᠵᠣᠪᠠᠭᠤ ᠳᠠᠭᠠᠨ ᠵᠣᠪᠠᠵᠤ ᠬᠥᠮᠥᠨ ᠤ ᠠᠮᠢᠳᠤᠷᠠᠯ ᠤᠨ ᠬᠦᠨᠳᠦ ᠬᠡᠴᠡᠭᠦᠦ ᠶᠢ ᠵᠠᠬ᠎ᠠ ᠵᠤᠬ᠎ᠠ ᠠᠴᠠ ᠨᠢ ᠣᠶᠢᠯᠠᠭᠠᠨ ᠡᠷ᠎ᠡ ᠶᠢᠨ ᠴᠡᠭᠡᠯ ᠳᠤ ᠬᠦᠷᠴᠦ᠂ ᠠᠶᠢᠯ ᠡᠷᠦᠭᠡ | ᠪᠣᠰᠬᠠᠨ᠂ ᠠᠰ ᠠᠰ ᠤᠨ ᠢᠶᠠᠨ ᠵᠠᠮ ᠢᠶᠠᠷ ᠠᠮᠢᠳᠤᠷᠠᠯ ᠤᠨ ᠵᠡᠮ ᠢᠶᠠᠨ ᠡᠯᠭᠦᠭᠰᠡᠨ ᠴᠦ ᠬᠠᠶᠠ ᠬᠤᠷᠠᠨ ᠴᠤᠭᠯᠠᠵᠤ᠂ ᠪᠠᠭ᠎ᠠ ᠶᠢᠨ ᠭᠦᠭ ᠱᠤᠮᠲᠠᠢ ᠤᠴᠠᠷᠠᠯ ᠢᠶᠠᠨ | ᠳᠤᠷᠠᠰᠤᠨ ᠶᠠᠷᠢᠵᠤ ᠪᠠᠶᠠᠰᠤᠯᠴᠠᠳᠠᠭ ᠰᠠᠨ᠃ | ᠶᠠᠮᠠᠷ ᠰᠠᠶᠢᠨ ᠳᠠᠭᠠᠨ ᠮᠠᠨ ᠤ ᠠᠬ᠎ᠠ ᠳᠡᠭᠦᠦ ᠭᠡᠳᠦ ᠦᠷ᠎ᠡ ᠬᠡᠦᠬᠡᠳ᠂ ᠠᠴᠢ ᠵᠢᠭᠡ ᠨᠠᠷ ᠢᠶᠠᠨ ᠳᠠᠭᠠᠭᠤᠯᠤᠨ ᠤᠳᠬᠤᠨ ᠳᠡᠭᠦᠦ ᠪᠠᠭᠠᠲᠤᠷ ᠤᠨ ᠳᠤ | ᠴᠤᠭᠯᠠᠨ ᠨᠠᠷᠭᠢᠯᠳᠤᠪᠠ᠃ | ᠣᠳᠬᠠᠨ ᠳᠡᠭᠦᠦ ᠮᠢᠨᠢ᠄ ︽ᠪᠢ ᠮᠠᠯ ᠳᠤ ᠳᠤᠷ᠎ᠠ ᠦᠭᠡᠢ ᠬᠠᠴᠢᠨ ᠬᠡᠦᠬᠡᠳ ᠪᠠᠶᠢᠭᠰᠠᠨ ᠶᠤᠮ᠃ ᠡᠮᠡᠭᠡ ᠡᠵᠢ᠄ ︿ᠵᠡ᠂ ᠪᠠᠭᠠᠲᠤᠷ ᠴᠠᠢ ᠤᠮᠳᠠ ᠤᠤᠭᠤ︕﹀ | ᠭᠡᠬᠦ ᠲᠠᠢ ᠵᠡᠷᠭᠡ ᠯᠡ ᠨᠢᠳᠦᠨ ᠳᠤ ᠨᠢᠯᠪᠤᠰᠤ ᠬᠤᠷᠠᠨ᠂ ᠬᠥᠯ ᠬᠦᠨᠳᠦᠷᠡᠭᠡᠳ ᠶᠠᠪᠤᠴᠢᠬᠠᠳᠠᠭ᠃ ᠲᠡᠷᠡ ᠴᠢᠨᠢ ᠦᠳᠡ ᠶᠢᠨ ᠬᠤᠶᠢᠨ᠎ᠠ ᠶᠢᠨ ᠮᠠᠯ ᠰᠢᠤ ᠳ᠋ᠠ᠂ ᠬᠡᠳᠦᠶᠢᠬᠡᠨ | ᠯᠡ ᠬᠤᠯᠠ ᠶᠠᠪᠤᠬᠤ ᠪᠤᠢ︕ ᠪᠢ ᠶᠡᠷᠦ ᠨᠢ ᠶᠡᠭᠡ ᠵᠠᠯᠬᠠᠭᠤ ᠬᠡᠦᠬᠡᠳ ᠪᠠᠶᠢᠭᠰᠠᠨ ᠯᠠ ᠳ᠋ᠠ︕ ᠠᠬ᠎ᠠ ᠡᠭᠡᠴᠢ ᠨᠠᠷ ᠬᠤᠲᠠᠨ ᠳᠤ ᠮᠠᠯ ᠬᠤᠢ ᠲᠡᠵᠢᠭᠡᠭᠡᠳ ᠶᠠᠭᠠᠷᠠᠵᠤ | ᠪᠠᠶᠢᠬᠤ ᠳᠤ᠂ ᠪᠢ ᠳᠤᠯᠠᠭᠠᠬᠠᠨ ᠭᠡᠷ ᠲᠡᠭᠡᠨ ᠮᠤᠤᠷ ᠲᠠᠢ ᠪᠠᠨ ᠲᠣᠭᠯᠠᠨ ᠬᠤᠴᠣᠷᠤᠨ᠎ᠠ᠃ ᠡᠮᠡᠭᠡ᠄ ︿ᠭᠠᠷ︕ ᠭᠠᠳᠠᠭ᠎ᠠ ᠭᠠᠷᠴᠤ᠂ ᠴᠠᠭᠠᠲᠤ ᠠᠬ᠎ᠠ ᠡᠭᠡᠴᠢ ᠪᠠᠨ | ᠬᠠᠪᠰᠤᠷᠴᠤ ᠮᠠᠯ ᠬᠤᠢ ᠲᠡᠵᠢᠭᠡᠯᠴᠡ︕ ᠮᠤᠤᠷ ᠰᠢᠭ᠋ ᠬᠠᠯᠠᠭᠤᠨ ᠬᠠᠨᠵᠤᠨ ᠳᠡᠭᠡᠷ᠎ᠡ ᠴᠠᠭᠠᠷᠢᠭᠯᠠᠵᠤ ᠬᠡᠪᠲᠡᠭᠡᠳ᠃ ᠭᠦᠳᠡᠯᠮᠦᠷᠢ ᠰᠤᠷᠪᠠᠯ ᠥᠪᠡᠷ ᠲᠤ ᠴᠢᠨᠢ ᠯᠡ | ᠲᠤᠰᠠᠲᠠᠢ︕ ᠪᠢ ᠶᠠᠮᠠᠷ ᠠᠪᠤᠭᠠᠳ ᠦᠬᠦᠨ᠎ᠡ ᠤᠤ⁈﹀ ᠭᠡᠵᠦ ᠵᠠᠩᠨᠠᠨ᠎ᠠ᠃ ᠲᠡᠭᠡᠭᠡᠳ ᠠᠷᠭ᠎ᠠ ᠪᠤᠰᠤ ᠮᠠᠯᠠᠭᠠᠢ ᠪᠦᠴᠡᠯᠡᠨ ᠳᠠᠬᠤ ᠨᠥᠮᠥᠷᠦᠭᠡᠳ ᠬᠤᠳᠠ ᠤᠷᠤᠭᠤ | ᠣᠴᠢᠨ᠎ᠠ᠃ ᠲᠡᠭᠡᠲᠡᠯ᠎ᠡ ᠬᠡᠨ ᠨᠢᠭᠡ ᠨᠢ ︿ᠬᠠᠷ᠎ᠠ ᠬᠦᠢᠲᠡᠨ ᠳᠤ ᠶᠠᠭᠤ ᠬᠢᠵᠦ ᠢᠷᠡᠭᠰᠡᠨ ᠶᠤᠮ᠃ ᠬᠠᠷᠢ᠂ ᠴᠠᠭᠠᠰᠢ ᠪᠠᠨ ᠁﹀ ᠭᠡᠨ᠎ᠡ᠃ ᠶᠠᠭ ᠯᠠ ᠡᠨᠡ ᠦᠭᠡ ᠶᠢ ᠨᠢ | ᠬᠦᠯᠢᠶᠡᠵᠦ ᠪᠠᠶᠢᠭᠰᠠᠨ ᠶᠤᠮ ᠰᠢᠭ᠋ ᠪᠤᠴᠠᠭᠠᠳ ᠭᠤᠰ︕︾ ᠭᠡᠵᠦ ᠬᠡᠯᠡᠨ ᠨᠢᠭᠡ ᠭᠡᠷ ᠬᠥᠮᠥᠰ ᠢ ᠡᠯᠢᠭᠡ ᠶᠢ ᠨᠢ ᠬᠥᠰᠢᠲᠡᠯ᠎ᠡ ᠢᠨᠢᠶᠡᠯᠭᠡᠪᠡ᠃ | ᠠᠬ᠎ᠠ ᠡᠭᠡᠴᠢ ᠨᠠᠷ ᠤᠨ ᠢᠶᠠᠨ ᠬᠠᠶᠢᠷ᠎ᠠ ᠬᠠᠯᠠᠮᠵᠢ᠂ ᠠᠴᠢ ᠭᠠᠪᠢᠶ᠎ᠠ ᠶᠢ ᠢᠯᠡᠷᠡᠭᠦᠯᠬᠦ ᠭᠡᠵᠦ ᠥᠪᠡᠷ ᠤᠨ ᠢᠶᠠᠨ ᠠᠯᠳᠠᠭ᠎ᠠ ᠣᠰᠣᠯ ᠢ ᠢᠨᠢᠶᠡᠳᠦᠮ ᠤᠨ | ᠵᠦᠴᠦᠭᠡ ᠰᠢᠭ ᠶᠠᠭᠤᠮ᠎ᠠ ᠪᠣᠯᠭᠠᠨ ᠶᠠᠷᠢᠵᠤ ᠪᠠᠶᠢᠭ᠎ᠠ ᠶᠢ ᠨᠢ ᠭᠡᠶᠢᠳᠡᠯᠡ ᠮᠡᠳᠡᠭᠰᠡᠨ ᠪᠢ ᠳᠣᠲᠣᠷ᠎ᠠ ᠪᠠᠨ᠄ ︽ᠠᠴᠢ ᠵᠢᠭᠡ᠂ ᠣᠮᠪᠣᠯᠣ ᠳᠣᠮᠪᠣᠯᠤ ᠶᠢᠨ ᠢᠶᠠᠨ ᠬᠠᠵᠠᠭᠤ ᠳᠤ | ᠥᠪᠡᠷ ᠤᠨ ᠢᠶᠠᠨ ︿ᠮᠠᠭᠤ ᠮᠠᠭᠤᠬᠠᠢ﹀ ᠶᠢ ᠵᠠᠷᠯᠠᠵᠤ ᠪᠠᠶᠢᠳᠠᠭ ᠨᠢ ᠴᠦ ᠶᠠᠭᠤ ᠪᠤᠢ ᠳ᠋ᠠ︕︾ ᠭᠡᠵᠦ ᠥᠬᠦᠭᠡᠷᠳᠡᠨ ᠪᠤᠳᠤᠭᠠᠳ ᠦᠨᠦᠰᠦᠭᠡᠳ ᠠᠪᠤᠮᠠᠷ ᠰᠠᠨᠠᠭᠳᠠᠪᠠ᠃ | ᠦᠨᠡᠨ ᠳᠡᠭᠡᠨ ᠡᠵᠢ ᠶᠢᠨ ᠬᠢᠨᠢ ᠬᠢᠭᠰᠡᠨ ᠪᠤᠶᠠᠨ ᠯᠠ ᠬᠦᠦ ᠶᠢ ᠨᠢ ᠢᠪᠡᠭᠡᠭᠰᠡᠨ ᠬᠡᠷᠡᠭ᠃ | ᠡᠳᠡᠭᠡᠷ ᠪᠦᠭᠦᠨ ᠢ ᠡᠷᠭᠢᠴᠡᠭᠦᠯᠦᠨ ᠪᠤᠳᠤᠬᠤ ᠪᠠᠷ ᠡᠵᠢ ᠲᠠᠢ ᠪᠠᠶᠢᠬᠤ ᠶᠢᠨ ᠠᠵᠠ ᠲᠠᠢ ᠠᠮᠢᠳᠤᠷᠠᠯ ᠪᠢᠳᠡᠨ ᠳᠤ ᠡᠭᠦᠯᠡᠨ ᠴᠢᠯᠦᠭᠡᠨ ᠤ ᠨᠠᠷᠠ ᠰᠢᠭ᠋ ᠯᠠ | ᠥᠩᠭᠡᠷᠡᠭᠰᠡᠨ ᠳ᠋ᠠ᠃ ︽ᠬᠥᠮᠥᠨ ᠤ ᠰᠦᠨᠡᠰᠦ ᠦᠷ᠎ᠡ ᠬᠤᠶᠢᠴᠢᠰ ᠲᠠᠭᠠᠨ ᠪᠤᠴᠠᠵᠤ ᠬᠥᠮᠥᠨ ᠤ ᠲᠦᠷᠦᠯ ᠣᠯᠳᠠᠭ︾ ᠭᠡᠬᠦ ᠬᠠᠭᠤᠴᠢ ᠶᠠᠷᠢᠶ᠎ᠠ ᠪᠠᠶᠢᠳᠠᠭ᠃ ᠬᠤᠶᠠᠷ ᠤᠨ | ᠬᠤᠶᠠᠷ ᠡᠵᠢ ᠮᠢᠨᠢ᠂ ᠮᠠᠨ ᠤ ᠠᠬ᠎ᠠ ᠳᠡᠭᠦᠦ ᠬᠡᠳᠦᠭᠦᠯᠡ ᠶᠢᠨ ᠠᠯᠢ ᠨᠢᠭᠡᠨ ᠤ ᠬᠢᠨᠢ ᠦᠷ᠎ᠡ ᠰᠠᠳᠤ ᠪᠣᠯᠵᠤ ᠬᠥᠮᠥᠨ ᠤ ᠲᠦᠷᠦᠯ ᠣᠯᠬᠤ ᠪᠣᠯᠣᠭᠠᠰᠠᠢ︕ ᠭᠡᠵᠦ | ᠵᠠᠯᠪᠠᠷᠢᠭᠰᠠᠭᠠᠷ᠃ | | |