ᠮᠣᠩᠭᠤᠯᠴᠤᠳ ᠥᠪᠡᠷ ᠤᠨ ᠨᠤᠲᠤᠭ ᠤᠰᠤᠨ ᠤ ᠪᠠᠨ ᠨᠣᠶᠠᠨ ᠤᠷᠭᠢᠯ ᠪᠤᠶᠤ ᠥᠯᠵᠡᠢ ᠳᠡᠮᠪᠡᠷᠡᠢ ᠲᠠᠢ ᠭᠠᠵᠠᠷ ᠯᠤᠤᠰ ᠢ ᠰᠣᠩᠭᠤᠵᠤ᠂ ᠣᠪᠣᠭ᠎ᠠ | ᠪᠣᠰᠬᠠᠨ ᠲᠠᠬᠢᠳᠠᠭ ᠵᠠᠩᠰᠢᠯ ᠲᠠᠢ᠃ ᠰᠢᠨ᠎ᠡ ᠪᠠᠷᠭᠤ ᠪᠠᠷᠠᠭᠤᠨ ᠬᠤᠰᠢᠭᠤ ᠪᠠᠷ ᠠᠪᠴᠤ ᠬᠡᠯᠡᠭᠰᠡᠨ ᠴᠦ ᠬᠥᠯᠥᠨ ᠪᠤᠶᠢᠷ ᠤᠨ ᠭᠠᠵᠠᠷ ᠢᠳᠡᠭᠡᠰᠢᠵᠦ ᠨᠤᠲᠤᠭᠯᠠᠭᠰᠠᠨ | 270ᠵᠢᠯ ᠤᠨ ᠬᠤᠭᠤᠴᠠᠭᠠᠨ ᠳᠤ ᠤᠷᠢᠳ ᠬᠤᠵᠢᠳ 78 ᠠᠭᠤᠯᠠ ᠣᠪᠣᠭ᠎ᠠ ᠶᠢ ᠲᠠᠬᠢᠵᠦ ᠰᠢᠲᠦᠵᠦ ᠢᠷᠡᠭᠰᠡᠨ ᠶᠤᠮ ᠪᠠᠶᠢᠵᠠᠢ᠃ | ᠪᠠᠷᠭᠤ ᠶᠢᠨ ᠭᠤᠷᠪᠠᠨ ᠪᠣᠭᠳᠠ ᠠᠭᠤᠯᠠ ᠶᠢ ᠬᠠᠷᠢᠨ ᠰᠢᠨ᠎ᠡ ᠪᠠᠷᠭᠤ ᠪᠠᠷᠠᠭᠤᠨ᠂ ᠵᠡᠭᠦᠨ ᠬᠤᠶᠠᠷ ᠭᠠᠷᠤᠨ ᠨᠠᠢᠮᠠᠨ ᠬᠤᠰᠢᠭᠤ ᠪᠠᠷ ᠢᠶᠠᠨ ᠳᠠᠬᠢᠵᠦ | ᠰᠢᠲᠦᠳᠡᠭ ᠢᠶᠠᠷ ᠪᠠᠷᠠᠬᠤ ᠦᠭᠡᠢ᠂ ᠥᠭᠡᠯᠡᠳ᠂ ᠪᠤᠷᠢᠶᠠᠳ᠂ ᠡᠸᠡᠩᠬᠢ᠂ ᠬᠠᠭᠤᠴᠢᠨ ᠪᠠᠷᠭᠤ ᠠᠴᠠ ᠴᠦ ᠲᠠᠬᠢᠵᠦ ᠰᠢᠲᠦᠳᠡᠭ ᠬᠥᠮᠥᠰ ᠪᠠᠰᠠ ᠪᠠᠶᠢᠳᠠᠭ᠃ | ᠥᠩᠭᠡᠷᠡᠭᠰᠡᠨ ᠳᠤ᠂ ᠬᠥᠯᠥᠨ ᠪᠤᠶᠢᠷ ᠤᠨ ᠨᠠᠶᠢᠷ ᠢ ᠪᠠᠷᠭᠤ ᠶᠢᠨ ᠭᠤᠷᠪᠠᠨ ᠪᠣᠭᠳᠠ ᠠᠭᠤᠯᠠ ᠶᠢᠨ ᠥᠪᠥᠷ ᠲᠤ ᠭᠤᠷᠪᠠ ᠤᠳᠠᠭ᠎ᠠ ᠬᠢᠵᠦ ᠥᠩᠭᠡᠷᠡᠭᠰᠡᠨ | ᠲᠡᠦᠬᠡ ᠴᠦ ᠪᠠᠶᠢᠳᠠᠭ᠃ | ᠡᠷᠲᠡ ᠳᠡᠭᠡᠷ᠎ᠡ ᠦᠶ᠎ᠡ ᠠᠴᠠ ᠬᠥᠯᠥᠨ ᠪᠤᠶᠢᠷ ᠤᠨ ᠭᠠᠵᠠᠷ ᠣᠷᠣᠰᠢᠨ ᠨᠤᠲᠤᠭᠯᠠᠵᠤ ᠢᠷᠡᠭᠰᠡᠨ ᠡᠯ᠎ᠡ ᠦᠨᠳᠦᠰᠦᠲᠡᠨ᠂ ᠠᠶᠢᠮᠠᠭ ᠤᠭᠰᠠᠭᠠᠲᠠᠨ ᠤ ᠠᠷᠠᠳ | ᠲᠦᠮᠡᠨ ᠪᠠᠷᠭᠤ ᠶᠢᠨ ᠭᠤᠷᠪᠠᠨ ᠪᠣᠭᠳᠠ ᠠᠭᠤᠯᠠ ᠶᠢ ︽ᠨᠠᠷᠠᠨ ᠬᠠᠭᠠᠨ︾᠂ ︽ᠲᠦᠯᠦᠨ ᠬᠠᠷ᠎ᠠ︾᠂ ︽ᠭᠤᠷᠪᠠᠨ ᠰᠦᠮᠪᠦᠷ︾᠂ ︽ᠡᠷᠬᠡ ᠪᠠᠭᠠᠲᠤᠷ︾᠂ ︽ᠵᠠᠩᠵᠤᠨ ᠪᠦᠷᠭᠦᠳ︾ | ᠂ ︽ᠮᠥᠩᠬᠡ ᠲᠣᠭᠲᠠᠨᠢᠬᠤᠢ ᠣᠷᠣᠨ︾᠂ ︽ᠬᠦᠢᠲᠡᠨ ᠬᠠᠷᠠᠭᠠᠲᠤ︾᠂ ︽ᠳᠤᠯᠠᠭᠠᠨ ᠬᠠᠷᠠᠭᠠᠲᠤ︾᠂ ︽ᠪᠠᠶᠠᠨᠮᠥ᠋ᠩᠬᠡ︾ ᠭᠡᠬᠦ ᠮᠡᠲᠦ ᠨᠡᠷᠡᠯᠡᠵᠦ ᠢᠷᠡᠭᠰᠡᠨ ᠠᠵᠢ᠃ | ᠪᠠᠷᠭᠤ ᠶᠢᠨ ᠭᠤᠷᠪᠠᠨ ᠪᠣᠭᠳᠠ ᠠᠭᠤᠯᠠ ᠪᠣᠯᠪᠠᠰᠤ ᠮᠠᠨ ᠤ ᠤᠯᠤᠰ ᠤᠨ ᠡᠷᠲᠡᠨ ᠤ ᠲᠡᠦᠬᠡ ᠱᠠᠰᠲᠢᠷ ᠲᠤ ᠲᠡᠮᠳᠡᠭᠯᠡᠭᠳᠡᠵᠦ ᠪᠠᠶᠢᠭ᠎ᠠ ᠪᠠ ᠲᠤᠮᠳᠠᠲᠦ ᠶᠢᠨ | ᠡᠯ᠎ᠡ ᠦᠨᠳᠦᠰᠦᠲᠡᠨ ᠢ ᠨᠢᠭᠡᠳᠬᠡᠵᠦ᠂ ᠳᠡᠯᠡᠬᠡᠢ ᠶᠢᠨ ᠡᠬᠡ ᠬᠠᠭᠤᠷᠠᠢ ᠶᠢᠨ ᠬᠠᠭᠠᠰ ᠢᠯᠡᠭᠦᠦ ᠶᠢ ᠡᠵᠡᠯᠡᠵᠦ ᠶᠠᠪᠤᠭᠰᠠᠨ ᠨᠢᠭᠡᠨ ᠦᠶ᠎ᠡ ᠶᠢᠨ ᠲᠡᠭᠷᠢᠯᠢᠭ ᠬᠥᠪᠡᠭᠦᠨ | ᠪᠣᠭᠳᠠ ᠴᠢᠩᠭᠢᠰ ᠬᠠᠭᠠᠨ ᠴᠦ ᠡᠨᠡ ᠣᠷᠣᠨ ᠢᠶᠠᠷ ᠨᠡᠷ᠎ᠡ ᠪᠠᠨ ᠮᠠᠨᠳᠤᠭᠤᠯᠵᠤ ᠮᠥᠷ ᠢᠶᠠᠨ ᠦᠯᠡᠳᠡᠭᠡᠵᠦ ᠶᠠᠪᠤᠭᠰᠠᠨ ᠪᠢᠯᠡ᠃ | ᠡᠷᠲᠡᠨ ᠤ ᠨᠢᠭᠡᠨ ᠪᠢᠴᠢᠭ ᠲᠤᠷ᠄ ︽1203 ᠣᠨ᠂ ᠰᠦᠡᠭ ᠤᠯᠤᠰ ᠤᠨ ᠵᠢᠶᠠ ᠲᠠᠢ ᠶᠢᠨ 3 ᠣᠨ᠂ ᠬᠠᠷᠠᠭᠴᠢᠨ ᠭᠠᠭ᠋ᠠᠢ ᠵᠢᠯ᠂ ᠬᠠᠭᠠᠨ ︵ᠴᠢᠩᠭᠢᠰ ᠢ | ᠬᠡᠯᠡᠵᠦ ᠪᠤᠢ︶ 42 ᠨᠠᠰᠤᠲᠠᠢ᠃ ᠬᠠᠪᠤᠷ ᠤᠩ ᠬᠠᠨ ᠡᠴᠢᠭᠡ ᠬᠥᠪᠡᠭᠦᠨ ᠬᠤᠶᠠᠭᠤᠯᠠ ᠴᠡᠷᠢᠭ ᠬᠥᠳᠡᠯᠭᠡᠵᠦ ᠳᠣᠪᠲᠤᠯᠤᠨ ᠢᠷᠡᠭᠰᠡᠨ ᠳᠤᠷ ᠲᠡᠮᠦᠵᠢᠨ ᠠᠴᠢᠶ᠎ᠠ | ᠬᠥᠰᠬᠡ ᠪᠠᠨ ᠴᠥᠮ ᠢ ᠥᠪᠡᠷ ᠤᠨ ᠪᠠᠶᠢᠬᠤ ᠭᠠᠵᠠᠷ ᠨᠡᠭᠦᠯᠭᠡᠵᠦ ᠬᠠᠷᠠᠭᠠᠯᠵᠠᠨ᠂ ᠡᠯᠢᠶᠡᠲᠦ ᠬᠡᠮᠡᠬᠦ ᠭᠠᠵᠠᠷ ᠴᠡᠷᠢᠭ ᠢᠶᠠᠨ ᠲᠦᠪᠰᠢᠳᠬᠡᠵᠦ ᠪᠠᠷᠢᠯᠳᠤᠭᠰᠠᠨ ᠠᠨᠤ | ᠲᠡᠮᠦᠵᠢᠨ ᠤ ᠨᠢᠭᠡᠨ ᠨᠠᠰᠤᠨ ᠳᠠᠬᠢ ᠬᠠᠮᠤᠭ ᠤᠨ ᠠᠯᠳᠠᠷᠲᠤ ᠪᠠᠶᠢᠯᠳᠤᠭᠠᠨ ᠤ ᠨᠢᠭᠡ ᠨᠢ ᠠᠵᠢ᠃ ᠪᠠᠶᠢᠯᠳᠤᠭᠠᠨ ᠤ ᠡᠴᠦᠰ ᠲᠤᠷ ᠬᠡᠳᠦᠶᠢᠪᠡᠷ ᠤᠩ ᠬᠠᠨ ᠤ ᠬᠥᠪᠡᠭᠦᠨ | ᠰᠠᠩ ᠬᠦᠡᠭ ᠰᠢᠷᠬᠠᠲᠤᠵᠤ ᠮᠣᠷᠢᠨ ᠠᠴᠠ ᠪᠠᠨ ᠤᠨᠠᠭᠰᠠᠨ᠎ᠠ ᠤᠩ ᠬᠠᠨ ᠴᠡᠷᠢᠭ ᠢᠶᠠᠨ ᠳᠠᠭᠠᠭᠤᠯᠵᠤ ᠶᠠᠪᠤᠭᠰᠠᠨ ᠪᠤᠯᠪᠠᠴᠦ ᠡᠴᠦᠰ ᠲᠡᠭᠡᠨ ᠲᠡᠮᠦᠵᠢᠨ ᠤ ᠬᠥᠮᠥᠨ | ᠴᠥᠭᠡᠨ᠂ ᠳᠠᠶᠢᠰᠤᠨ ᠤᠯᠠᠨ ᠲᠤᠯᠠᠳᠠ ᠴᠡᠷᠢᠭ ᠢᠶᠠᠨ ᠬᠤᠷᠢᠶᠠᠵᠤ ᠤᠬᠤᠷᠢᠬᠤ ᠠᠴᠠ ᠥᠭᠡᠷ᠎ᠡ ᠠᠷᠭ᠎ᠠ ᠦᠭᠡᠢ ᠪᠣᠯᠣᠭᠠᠳ᠂ ᠵᠠᠮ ᠵᠠᠭᠤᠷ᠎ᠠ ᠴᠡᠷᠢᠭ ᠢᠶᠠᠨ ᠪᠦᠷᠢᠳᠬᠡᠵᠦ | ᠦᠵᠡᠬᠦᠯ᠎ᠡ ᠳᠥᠩᠭᠡᠵᠢ 2600 ᠬᠥᠮᠥᠨ ᠪᠠᠶᠢᠪᠠᠢ᠃ ᠪᠠᠯᠵᠢᠨᠠ ᠭᠤᠣᠯ ︵ᠬᠤᠵᠢᠮ ᠨᠢ ᠬᠥᠯᠥᠨ ᠨᠠᠭᠤᠷ ᠤᠨ ᠤᠰᠤ ᠶᠡᠬᠡᠳᠦᠭᠰᠡᠨ ᠠᠴᠠ ᠬᠥᠯᠥᠨ ᠨᠠᠭᠤᠷ ᠯᠤᠭ᠎ᠠ | ᠨᠡᠶᠢᠯᠡᠪᠡᠢ︶ ᠤᠨ ᠬᠥᠪᠡᠭᠦᠨ ᠳᠡᠭᠡᠷ᠎ᠡ ᠬᠦᠷᠦᠭᠡᠳ ᠰᠢᠪᠠᠷ ᠪᠠᠯᠴᠢᠭ ᠲᠠᠢ ᠤᠰᠤ ᠶᠢ ᠤᠤᠭᠤᠯᠴᠠᠬᠤ ᠳᠤᠮᠳᠠ ᠪᠠᠨ ︿ᠬᠤᠵᠢᠮ ᠬᠤᠶᠢᠰᠢᠳᠠ ᠶᠠᠮᠠᠷ ᠵᠤᠪᠠᠯᠠᠩ | ᠲᠣᠬᠢᠶᠠᠯᠳᠤᠭᠰᠠᠨ ᠴᠦ ᠨᠢᠭᠡᠨ ᠨᠢᠭᠡᠨ ᠢᠶᠠᠨ ᠤᠷᠬᠢᠬᠤ ᠦᠭᠡᠢ﹀ ᠬᠡᠮᠡᠨ ᠠᠮᠠᠯᠳᠤᠪᠠᠢ᠃ ᠲᠡᠭᠦᠨ ᠢ ︿ᠪᠠᠯᠵᠢᠨᠠ ᠶᠢᠨ ᠬᠤᠯᠪᠤᠭ᠎ᠠ﹀ ᠭᠡᠳᠡᠭ ᠪᠤᠶᠤ᠃ ᠲᠡᠭᠦᠨ ᠤ ᠳᠠᠷᠠᠭ᠎ᠠ | ᠲᠡᠮᠦᠵᠢᠨ ᠭᠡᠨᠡᠳᠲᠡ ᠤᠩ ᠬᠠᠨ ᠤ ᠴᠡᠷᠢᠭ ᠢ ᠳᠣᠪᠲᠤᠯᠤᠨ ᠲᠡᠶᠢᠯᠦᠭᠰᠡᠨᠡ᠂ ᠤᠩ ᠬᠠᠨ ᠪᠤᠷᠤᠭᠤᠯᠠᠨ ᠳᠤᠲᠠᠭᠠᠵᠤ ᠶᠠᠪᠤᠬᠤ ᠳᠤᠮᠳᠠ ᠪᠠᠨᠨᠠᠢᠮᠠᠨ ᠢᠷᠭᠡᠨ ᠤ ᠬᠥᠮᠥᠰ | ᠲᠤᠷ ᠠᠯᠠᠭᠳᠠᠪᠠᠢ᠃ ᠤᠩ ᠬᠠᠨ ᠤ ᠬᠥᠪᠡᠭᠦᠨ ᠴᠦ ᠴᠧᠷᠬᠢᠱᠮᠧ ᠬᠡᠮᠡᠬᠦ ᠭᠠᠵᠠᠷ ᠵᠢᠭᠤᠲᠠᠵᠤ ᠬᠦᠷᠦᠭᠡᠳ ᠪᠠᠰᠠ ᠬᠥᠮᠥᠨ ᠳᠤᠷ ᠠᠯᠠᠭᠳᠠᠵᠤ᠂ ᠬᠡᠷᠡᠶᠢᠳ ᠢᠷᠭᠡᠨ | ᠢᠩᠭᠢᠵᠦ ᠰᠥᠨᠥᠪᠡᠢ᠃ ᠲᠡᠮᠦᠵᠢᠨ ᠨᠤᠲᠤᠭ ᠢᠶᠠᠨ ᠥᠷᠥᠨᠡᠲᠦ ᠳᠤᠷ ᠨᠠᠢᠮᠠᠨ ᠤ ᠬᠢᠵᠠᠭᠠᠷ ᠲᠤᠷ ᠬᠦᠷᠲᠡᠯ᠎ᠡ ᠥᠷᠭᠡᠳᠬᠡᠪᠡᠢ︾ ᠭᠡᠵᠦ ᠪᠢᠴᠢᠵᠦ ᠪᠤᠢ᠃ | ︽ᠪᠦᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠲᠡᠦᠬᠡ︾ ᠳᠤ᠄ ︽ᠲᠡᠮᠦᠵᠢᠨ ᠬᠦᠴᠦ ᠪᠠᠨ ᠶᠠᠭᠠᠷᠠᠨ ᠬᠤᠷᠠᠮᠳᠤᠭᠤᠯᠤᠨ ᠲᠠᠲ᠋ᠠᠷ ᠠᠶᠢᠮᠠᠭ ᠢ | ᠨᠢᠭᠡᠳᠬᠡᠬᠦ ᠠᠴᠠ ᠡᠮᠦᠨ᠎ᠡ ᠠᠮᠵᠢᠵᠤ ᠲᠠᠶᠢᠴᠢᠭᠤᠳ᠂ ᠳᠥᠷᠪᠡᠳ ᠨᠠᠷ ᠢ ᠪᠤᠶᠢᠷ ᠨᠠᠭᠤᠷ ᠤᠨ ᠣᠷᠴᠢᠮ ᠬᠠᠲᠠᠭᠢᠨ ᠰᠠᠯᠵᠢᠭᠤᠳ ᠨᠠᠷ ᠢ ᠬᠥᠯᠥᠨ | ᠨᠠᠭᠤᠷ ᠤᠨᠣᠷᠴᠢᠮ ᠳᠤ ᠲᠤᠰ ᠲᠤᠰ ᠴᠣᠬᠢᠵᠠᠢ ᠁︾᠂ ︽᠁ ᠸᠠᠩ ᠬᠠᠨ ᠲᠡᠮᠦᠵᠢᠨ ᠤ ᠬᠦᠰᠡᠭᠰᠡᠨ ᠶᠣᠰᠣᠭᠠᠷ ᠴᠡᠷᠢᠭ ᠢᠶᠠᠨ ᠠᠪᠴᠤ ᠬᠤᠶᠠᠷ ᠡᠲᠡᠭᠡᠳ ᠤᠨ | ᠴᠡᠷᠢᠭ ᠢᠶᠠᠨ ᠳᠠᠶᠢᠵᠤ ᠬᠤᠶᠠᠷ ᠡᠲᠡᠭᠡᠳ ᠢᠶᠠᠷ ᠢᠶᠠᠨ ᠬᠡᠷᠦᠯᠦᠨ ᠳᠤ ᠨᠡᠶᠢᠯᠡᠵᠦ ᠲᠡᠨᠳᠡ ᠠᠴᠠ ᠬᠥᠳᠡᠯᠦᠨ ᠮᠣᠷᠳᠠᠵᠤ ᠪᠤᠶᠢᠷ᠂ ᠬᠥᠯᠥᠨ ᠤ ᠬᠤᠭᠤᠷᠣᠨᠳᠤ ︿ᠬᠦᠢᠲᠡᠨ﹀ | ᠭᠡᠳᠡᠭ ᠭᠠᠵᠠᠷ ᠵᠠᠮᠤᠬ᠎ᠠ ᠶᠢᠨ ᠴᠡᠷᠢᠭ ᠲᠠᠢ ᠪᠠᠶᠢᠯᠳᠤᠨ ᠪᠤᠲᠡ ᠴᠣᠬᠢᠵᠠᠢ︾ ︵ᠨᠢᠭᠡᠳᠦᠭᠡᠷ ᠪᠣᠳᠢ ᠶᠢᠨ ᠳᠣᠣᠷᠠᠳᠤ ᠳᠡᠪᠲᠡᠷ ᠤᠨ 365 ᠳ᠋ᠤᠭᠠᠷ ᠨᠢᠭᠤᠷ ᠲᠤ ᠦᠵᠡ︶᠃ | ᠠᠳᠡ ᠳᠤᠷᠠᠳᠴᠤ ᠪᠦᠬᠦᠢ ︽ᠬᠦᠢᠲᠡᠨ︾ ᠭᠡᠳᠡᠭ ᠨᠢ ᠳᠠᠷᠤᠢ ᠳᠡᠭᠡᠷ᠎ᠡ ᠳᠤᠷᠠᠳᠴᠤ ᠥᠩᠭᠡᠷᠡᠭᠰᠡᠨ ︽ᠬᠦᠢᠲᠡᠨ ᠬᠠᠷᠠᠭᠠᠲᠤ︾ ᠮᠥᠨ ᠪᠥᠭᠡᠳ ᠤᠳᠤ ᠵᠢᠨᠪᠠᠷᠭᠤ ᠶᠢᠨ | ᠭᠤᠷᠪᠠᠨ ᠪᠣᠭᠳᠠ ᠠᠭᠤᠯᠠ ᠪᠤᠯᠬᠤ ᠨᠢ ᠮᠠᠳᠠᠭ ᠦᠭᠡᠢ ᠪᠤᠯᠠᠢ᠃ | ︽ᠪᠠᠶᠠᠨᠮᠥ᠋ᠩᠬᠡ︾ ᠭᠡᠳᠡᠭ ᠨᠢ ᠪᠠᠷᠭᠤᠴᠤᠳ᠂ ᠪᠠᠷᠭᠤ ᠶᠢᠨ ᠭᠤᠷᠪᠠᠨ ᠪᠣᠭᠳᠠ ᠠᠭᠤᠯᠠ ᠶᠢ ᠡᠬᠢᠯᠡᠵᠦ ᠲᠡᠬᠢᠬᠤ ᠦᠶ᠎ᠡ ᠳᠡᠭᠡᠨ ︽ᠦᠭᠡᠶᠢᠷᠡᠰᠢ ᠦᠭᠡᠢ ᠪᠠᠶᠠᠨ᠂ | ᠦᠨᠦᠴᠢᠷᠡᠰᠢ ᠦᠭᠡᠢ ᠥᠨᠢᠷ︾ ᠶᠠᠪᠤᠬᠤ ᠶᠢᠨ ᠪᠡᠯᠭᠡ ᠳᠡᠮᠪᠡᠷᠡᠢ ᠶᠢ ᠵᠥᠩᠨᠡᠵᠦ᠂ ᠨᠤᠲᠤᠭ ᠤᠰᠤᠨ ᠤ ᠪᠠᠨ ᠰᠦᠯᠳᠡ ᠪᠣᠯᠤᠭᠰᠠᠨ ᠬᠠᠶᠢᠷᠬᠠᠨ ᠠᠭᠤᠯᠠᠨ ᠳᠠᠭᠠᠨ | ᠥᠯᠵᠡᠢ ᠮᠥᠷ ᠲᠠᠢ ᠰᠠᠶᠢᠬᠠᠨ ᠨᠡᠷ᠎ᠡ ᠡᠷᠭᠦᠭᠰᠡᠨ ᠪᠠᠶᠢᠯᠲᠠᠢ᠃ | ᠪᠠᠷᠭᠤ ᠨᠠᠢᠮᠠᠨ ᠬᠤᠰᠢᠭᠤ ᠪᠠᠷ ᠢᠶᠠᠨ ᠵᠢᠯ ᠳᠤ ᠬᠤᠶᠠᠷ ᠤᠳᠠᠭ᠎ᠠ ᠲᠠᠬᠢᠳᠠᠭ ᠠᠴᠠ ᠴᠦ ᠪᠣᠯᠤᠭᠰᠠᠨ ᠶᠤᠮ ᠤᠤ᠂ ᠪᠠᠷᠭᠤ ᠶᠢᠨ ᠥᠭᠭᠢᠶᠡᠮᠦᠷ ᠪᠠᠶᠠᠨ | ᠨᠤᠲᠤᠭ ᠤᠨᠰᠦ᠋ᠯᠳᠡ ᠪᠣᠯᠣᠨ ᠮᠢᠩᠭᠠᠨ ᠤ ᠭᠠᠵᠠᠷ ᠠᠴᠠ ᠰᠦᠨᠳᠡᠷᠯᠡᠨ ᠪᠠᠶᠢᠳᠠᠭ ᠠᠴᠠ ᠴᠦ ᠪᠣᠯᠤᠭᠰᠠᠨ ᠶᠤᠮ ᠤᠤ᠂ ᠬᠤᠯᠠ ᠣᠶᠢᠷ᠎ᠠ ᠳᠤ ᠤᠯᠤᠰ ᠤᠨ ᠳᠣᠲᠣᠭᠠᠳᠤ | ᠭᠠᠳᠠᠭᠠᠳᠤ ᠳᠤ ︽ᠪᠠᠷᠭᠤ ᠶᠢᠨ ᠭᠤᠷᠪᠠᠨ ᠪᠣᠭᠳᠠ ᠠᠭᠤᠯᠠ︾ ᠭᠡᠵᠦ ᠠᠯᠳᠠᠷᠰᠢᠭᠰᠠᠨ ᠨᠢ ᠪᠠᠷᠭᠤ ᠲᠦᠮᠡᠨ ᠤ ᠥᠨᠢ ᠡᠭᠦᠷᠢᠳᠡ ᠶᠢᠨ ᠪᠠᠭ᠋ᠠᠳᠤᠯ ᠪᠣᠯᠵᠤ ᠬᠡᠢ ᠮᠣᠷᠢ | ᠰᠦᠯᠳᠡ᠂ ᠬᠡᠰᠢᠭ ᠪᠤᠶᠠᠨ ᠢ ᠨᠢ ᠬᠤᠷᠤᠶᠢᠯᠠᠨ ᠪᠠᠶᠢᠨᠠᠮ᠃ | ᠪᠠᠷᠭᠤ ᠶᠢᠨ ᠭᠤᠷᠪᠠᠨ ᠪᠣᠭᠳᠠ ᠠᠭᠤᠯᠠ ᠪᠣᠯ ᠰᠢᠨ᠎ᠡ ᠪᠠᠷᠭᠤ ᠪᠠᠷᠠᠭᠤᠨ ᠬᠤᠰᠢᠭᠤᠨ ᠤ ᠨᠤᠲᠤᠭ ᠤᠨ ᠵᠡᠭᠦᠨ ᠡᠮᠦᠨ᠎ᠡ ᠪᠡᠶ᠎ᠡ ᠳᠤ ᠬᠤᠰᠢᠭᠤᠨ ᠤ | ᠲᠥᠪ ᠠᠯᠳ᠋ᠬᠠᠮᠡᠭᠡᠯ ᠪᠠᠯᠭᠠᠰᠤ ᠠᠴᠠ ᠡᠮᠦᠨᠡᠰᠢ 45.8 ᠺᠢᠯᠤᠮᠧᠳ᠋ᠷ ᠵᠠᠶᠢᠲᠠᠢ᠂ ᠲᠠᠯᠠᠢ ᠶᠢᠨ ᠲᠦᠪᠰᠢᠨ ᠠᠴᠠ ᠳᠡᠭᠡᠭᠰᠢ 945 ᠮᠧᠳ᠋ᠷ ᠥᠨᠳᠥᠷ᠂ ᠵᠡᠭᠦᠨ ᠡᠮᠦᠨᠡᠰᠢ᠂ | ᠪᠠᠷᠠᠭᠤᠨ ᠬᠤᠶᠢᠰᠢ ᠪᠠᠨ ᠵᠢᠰᠢᠬᠦᠭᠡᠨ ᠪᠠᠶᠢᠷᠢᠯᠠᠭᠰᠠᠨ ︽ᠬᠡᠪᠲᠡᠭᠡ ᠲᠡᠮᠡᠭᠡ ᠬᠡᠯᠪᠡᠷᠢᠲᠡᠢ︾ ᠲᠣᠮᠣ ᠠᠭᠤᠯᠠ ᠪᠣᠯᠣᠨ᠎ᠠ᠃ | ᠠᠭᠤᠯᠠᠨ ᠤ ᠤᠷᠬᠢᠯ ᠳᠡᠭᠡᠷ᠎ᠡ ᠭᠠᠷᠤᠭᠠᠳ ᠪᠠᠷᠠᠯᠠᠬᠤᠶ᠎ᠠ ᠪᠦᠬᠦ ᠬᠤᠰᠢᠭᠤᠨ ᠤ ᠨᠤᠲᠤᠭ ᠪᠦᠷᠢᠨ ᠢᠶᠠᠷ ᠢᠶᠠᠨ ᠬᠠᠷᠠᠭᠳᠠᠳᠠᠭ ᠪᠥᠭᠡᠳ ᠲᠤᠩᠭᠠᠯᠠᠭ ᠰᠠᠶᠢᠬᠠᠨ | ᠡᠳᠦᠷ ᠪᠣᠯᠪᠠᠰᠤ ᠰᠢᠨ᠎ᠡ ᠪᠠᠷᠭᠤ ᠵᠡᠭᠦᠨ ᠬᠤᠰᠢᠭᠤᠨ ᠤ ᠲᠥᠪ — ᠠᠮᠤᠭᠤᠯᠠᠩ ᠪᠠᠯᠭᠠᠰᠤ ᠠᠴᠠ ᠴᠦ ᠪᠣᠭᠳᠠ ᠠᠭᠤᠯᠠ ᠶᠢᠨ ᠪᠠᠷ᠎ᠠ ᠲᠣᠳᠣᠬᠠᠨ ᠴᠡᠩᠬᠡᠷᠯᠡᠵᠦ | ᠬᠠᠷᠠᠭᠳᠠᠳᠠᠭ ᠶᠤᠮ᠃ | ᠪᠠᠷᠭᠤ ᠶᠢᠨ ᠭᠤᠷᠪᠠᠨ ᠪᠣᠭᠳᠠ ᠠᠭᠤᠯᠠ ᠶᠢᠨ ᠲᠦᠷᠦᠬᠦᠦ ᠠᠭᠤᠯᠠᠨ ᠳᠡᠭᠡᠷ᠎ᠡ ᠨᠢ ᠲᠣᠮᠣ ᠭᠤᠣᠯ ᠣᠪᠣᠭ᠎ᠠ ᠲᠠᠢ᠂ ᠭᠤᠣᠯ ᠣᠪᠣᠭᠠᠨ ᠤ ᠲᠦᠷᠪᠡᠨ | ᠲᠠᠯ᠎ᠠ ᠳᠤ ᠭᠤᠷᠪᠠ ᠭᠤᠷᠪᠠᠨ ᠵᠢᠵᠢᠭ ᠣᠪᠣᠭ᠎ᠠ ᠲᠠᠢ᠂ ᠭᠤᠣᠯ ᠣᠪᠣᠭᠠᠨ ᠠᠴᠠ ᠡᠮᠦᠨᠡᠰᠢ 60 ᠮᠧᠳ᠋ᠷ ᠵᠠᠶᠢᠲᠠᠢ ᠪᠠᠰᠠ ᠨᠢᠭᠡ ᠣᠪᠣᠭ᠎ᠠ ᠪᠠᠶᠢᠳᠠᠭ᠃ ᠣᠪᠣᠭ᠎ᠠ | ᠪᠣᠯᠭᠠᠨ ᠳᠤ ᠠᠯᠲᠠ ᠪᠠᠷ ᠰᠢᠷᠠᠭᠰᠠᠨ ᠲᠤᠸᠠᠵᠠ ᠲᠠᠢ᠂ ᠵᠢᠯ ᠳᠤ ᠬᠤᠶᠠᠷ ᠤᠳᠠᠭ᠎ᠠ ᠲᠠᠬᠢᠬᠤ ᠠᠴᠠ ᠪᠠᠨ ᠡᠮᠦᠨ᠎ᠡ ᠨᠢ ᠣᠪᠣᠭᠠᠨ ᠳᠤ ᠲᠦᠷᠦᠭᠦᠴᠢ ᠶᠢᠨ ᠡᠷᠭᠦᠭᠰᠡᠨ | ᠬᠠᠳᠠᠭ᠂ ᠱᠠᠩᠬᠠᠢ᠂ ᠲᠣᠷᠭ᠎ᠠ᠂ ᠳᠤᠷᠲᠤᠩ᠂ ᠤᠷᠭ᠎ᠠ᠂ ᠬᠡᠪᠯᠡᠭᠰᠡᠨ ᠬᠡᠢ ᠮᠣᠷᠢ᠂ ᠴᠠᠢ ᠢᠳᠡᠭᠡᠨ ᠤ ᠳᠡᠭᠡᠵᠢ ᠲᠡᠷᠢᠭᠦᠲᠡᠨ ᠢ ᠰᠠᠴᠤᠯᠢ ᠡᠷᠭᠦᠳᠡᠭ᠃ | ᠳᠤᠮᠳᠠ ᠠᠭᠤᠯᠠ ᠬᠢᠭᠡᠳ ᠰᠡᠬᠦᠯ ᠠᠭᠤᠯᠠ ᠶᠢᠨ ᠣᠷᠣᠢ ᠳᠡᠭᠡᠷ᠎ᠡ ᠲᠤᠰ ᠪᠦᠷᠢ ᠴᠢᠯᠠᠭᠤᠨ ᠣᠪᠣᠭ᠎ᠠ ᠪᠠᠶᠢᠳᠠᠭ ᠪᠤᠯᠪᠠᠴᠦ ᠲᠤᠸᠠᠵᠠ ᠦᠭᠡᠢ᠂ | ᠪᠤᠷᠭᠠᠰᠤᠯᠠᠳᠠᠭ ᠴᠦ ᠦᠭᠡᠢ᠃ ᠵᠠᠷᠢᠮ ᠰᠦᠰᠦᠭᠳᠡᠨ ᠪᠠᠰᠠ ᠬᠠᠳᠠᠭ᠂ ᠤᠷᠭ᠎ᠠ ᠡᠷᠭᠦᠵᠦ ᠮᠥᠷᠭᠦᠨ ᠰᠦᠰᠦᠭᠯᠡᠳᠡᠭ᠃ | ᠪᠠᠷᠭᠤ ᠶᠢᠨ ᠭᠤᠷᠪᠠᠨ ᠪᠣᠭᠳᠠ ᠠᠭᠤᠯᠠ ᠨᠢ ᠮᠡᠨᠡᠩ ᠤᠨ ᠲᠠᠯ᠎ᠠ ᠶᠢᠨ ᠬᠤᠶᠢᠲᠤ ᠪᠡᠶ᠎ᠡ ᠳᠤ ᠪᠠᠶᠢᠷᠢᠯᠠᠭᠰᠠᠨ ᠪᠣᠯᠬᠤᠷ ᠪᠠᠰᠠ ᠴᠦ ︽ᠮᠡᠨᠡᠩ ᠤᠨ ᠭᠤᠷᠪᠠᠨ | ᠪᠣᠭᠳᠠ ᠠᠭᠤᠯᠠ︾ ᠭᠡᠬᠦ ᠴᠦ ᠪᠤᠢ᠃ | ᠰᠢᠨ᠎ᠡ ᠪᠠᠷᠭᠤ ᠪᠠᠷᠠᠭᠤᠨ ᠭᠠᠷᠤᠨ ᠪᠦᠬᠦᠳᠡ ᠶᠢᠨ ᠳᠠᠷᠤᠭ᠎ᠠ ᠴᠡᠷᠡᠨ᠂ ᠬᠥᠪᠡᠭᠡᠲᠦ ᠬᠥᠬᠡ ᠬᠤᠰᠢᠭᠤᠨ ᠤ ᠲᠡᠷᠢᠭᠦᠨ ᠰᠤᠮᠤᠨ ᠤ ᠵᠠᠩᠭᠢ ᠴᠦᠯᠲᠤᠮ᠂ | ᠬᠤᠶᠠᠳᠤᠭᠠᠷ ᠰᠤᠮᠤᠨ ᠤ ᠵᠠᠩᠭᠢ ᠤᠷᠭᠤᠮᠠᠯ᠂ ᠭᠤᠲᠠᠭᠠᠷ ᠰᠤᠮᠤᠨ ᠤ ᠵᠠᠩᠭᠢ ᠪᠠᠭ᠎ᠠ ᠴᠦᠯᠳᠦᠮ᠂ ᠬᠥᠪᠡᠭᠡᠲᠦ ᠤᠯᠠᠭᠠᠨ ᠬᠤᠰᠢᠭᠤᠨ ᠤ ᠲᠡᠷᠢᠭᠦᠨ ᠰᠤᠮᠤᠨ ᠤ ᠵᠠᠩᠭᠢ | ᠠᠶᠢᠵᠤ᠂ ᠬᠤᠶᠠᠳᠤᠭᠠᠷ ᠰᠤᠮᠤᠨ ᠤ ᠵᠠᠩᠭᠢ ᠱᠤᠩᠬᠤ᠂ ᠭᠤᠲᠠᠭᠠᠷ ᠰᠤᠮᠤᠨ ᠤ ᠵᠠᠩᠭᠢ ᡀᠠᠰᠦ᠋ᠷᠦᠩ᠂ ᠰᠢᠯᠤᠭᠤᠨ ᠤᠯᠠᠭᠠᠨ ᠬᠤᠰᠢᠭᠤᠨ ᠤ ᠲᠡᠷᠢᠭᠦᠨ ᠰᠤᠮᠤᠨ ᠤ ᠵᠠᠩᠭᠢ | ᠪᠤᠨᠢ᠂ ᠬᠤᠶᠠᠳᠤᠭᠠᠷ ᠰᠤᠮᠤᠨ ᠤ ᠵᠠᠩᠭᠢ ᠲᠥᠯᠥᠪᠦᠷᠢ᠂ ᠭᠤᠲᠠᠭᠠᠷ ᠰᠤᠮᠤᠨ ᠤ ᠵᠠᠩᠭᠢ ᠮᠢᠡᠵᠤᠤᠷ᠂ ᠰᠢᠯᠤᠭᠤᠨ ᠰᠢᠷ᠎ᠠ ᠬᠤᠰᠢᠭᠤᠨ ᠤ ᠲᠡᠷᠢᠭᠦᠨ ᠰᠤᠮᠤᠨ ᠤ ᠵᠠᠩᠭᠢ | ᠴᠡᠷᠡᠨ ︵ᠪᠦᠬᠦᠳᠡ ᠶᠢᠨ ᠳᠠᠷᠤᠭ᠎ᠠ︶᠂ ᠬᠤᠶᠠᠳᠤᠭᠠᠷ ᠰᠤᠮᠤᠨ ᠤ ᠵᠠᠩᠭᠢ ᠠᠰᠠᠷᠠᠯ᠂ ᠭᠤᠲᠠᠭᠠᠷ ᠰᠤᠮᠤᠨ ᠤ ᠵᠠᠩᠭᠢ ᠮᠢᠨᠵᠤᠤᠷ ᠬᠢᠭᠡᠳ ᠳ᠋ᠠᠩᠽᠠᠨ ᠭᠡᠯᠦᠩ ᠵᠡᠷᠭᠡ | ᠬᠡᠷᠬᠡᠮᠳᠡᠨ ᠯᠠᠮᠠ ᠨᠠᠷ ᠵᠥᠪᠳᠡᠯᠴᠡᠵᠦ᠂ ᠨᠠᠶᠢᠷᠠᠯᠳᠤ ᠲᠥᠪ ᠤᠨ ᠠᠷᠪᠠᠨ ᠳᠥᠷᠪᠡᠳᠦᠭᠡᠷ ᠣᠨ ᠤ ᠤᠯᠠᠭᠠᠨ ᠯᠤᠤ ᠵᠢᠯ ᠪᠤᠶᠤ ᠨᠠᠶᠢᠳᠠ ᠶᠢᠨ ᠣᠨ ᠲᠣᠭᠠᠯᠠᠯ ᠤᠨ 1736 | ᠣᠨ ᠠᠴᠠ ᠰᠢᠨ᠎ᠡ ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤᠨ ᠠᠴᠠ 120 ᠦᠬᠡᠷ ᠲᠡᠷᠭᠡ ᠭᠠᠷᠭᠠᠵᠤ᠂ ᠪᠣᠭᠳᠠ ᠠᠭᠤᠯᠠᠨ ᠳᠤ ᠪᠠᠶᠢᠭᠰᠠᠨ ᠪᠦᠬᠡ ᠶᠢᠨ | ᠤᠡᠭᠭᠤᠨ ᠢ ︽ ᠲᠠᠭᠠᠨ ᠳᠡᠯ︾ ᠬᠡᠮᠡᠬᠦ ᠠᠭᠤᠯᠠᠨ ᠳᠤ ᠨᠢᠭᠡ ᠰᠠᠷ᠎ᠠ ᠶᠢᠨ ᠬᠤᠭᠤᠴᠠᠭ᠎ᠠ ᠬᠡᠷᠡᠭᠯᠡᠨ ᠨᠡᠭᠦᠯᠭᠡᠵᠦ᠂ ᠲᠡᠭᠷᠢ ᠲᠡᠳᠬᠦᠭᠴᠢ ᠶᠢᠨ ᠲᠠᠪᠤᠳᠤᠭᠠᠷ ᠣᠨ ᠪᠤᠶᠤ | ᠨᠠᠶᠢᠳᠠ ᠶᠢᠨ ᠣᠨ ᠲᠣᠭᠠᠯᠠᠯ ᠤᠨ 1740 ᠣᠨ᠂ ᠠᠷᠪᠠᠨ ᠬᠤᠶᠠᠳᠤᠭᠠᠷ ᠷᠠᠪᠵᠤᠩ ᠤᠨ ᠴᠠᠭᠠᠨ ᠪᠡᠴᠢᠨ ᠵᠢᠯ ᠤᠨ ᠲᠠᠪᠤᠨ ᠰᠠᠷ᠎ᠠ ᠶᠢᠨ ᠠᠷᠪᠠᠨ ᠤ ᠡᠳᠦᠷ᠂ ᠰᠢᠨ᠎ᠡ | ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤ ᠪᠠᠷ ᠢᠶᠠᠨ ᠳᠠᠬᠢᠵᠦ ᠡᠬᠢᠯᠡᠵᠡᠢ᠃ | ᠮᠥᠨ ᠲᠡᠭᠷᠢ ᠲᠡᠳᠬᠦᠭᠴᠢ ᠶᠢᠨ ᠲᠠᠪᠤᠳᠤᠭᠠᠷ ᠣᠨ ᠪᠤᠶᠤ ᠨᠡᠶᠢᠳᠡ ᠶᠢᠨ ᠣᠨ ᠲᠣᠭᠠᠯᠠᠯ ᠤᠨ 1740 ᠣᠨ᠂ ᠠᠷᠪᠠᠨ ᠬᠤᠶᠠᠳᠤᠭᠠᠷ ᠷᠠᠪᠵᠤᠩ ᠤᠨ | ᠴᠠᠭᠠᠨ ᠪᠡᠴᠢᠨ ᠵᠢᠯ ᠤᠨ ᠲᠡᠷᠢᠭᠦᠨ ᠰᠠᠷ᠎ᠠ ᠶᠢᠨ ᠠᠷᠪᠠᠨ ᠲᠠᠪᠤᠨ ᠤ ᠡᠳᠦᠷ᠂ ᠰᠢᠨ᠎ᠡ ᠪᠠᠷᠭᠤ ᠪᠠᠷᠠᠭᠤᠨ ᠭᠠᠷᠤᠨ ᠬᠥᠪᠡᠭᠡᠲᠦ ᠬᠥᠬᠡ ᠬᠤᠰᠢᠭᠤᠨ ᠤ ᠬᠤᠶᠠᠳᠤᠭᠠᠷ | ᠰᠤᠮᠤᠨ ᠤ ᠤᠯᠠᠭᠠᠨ ᠫᠢ ᠳᠠᠯᠠᠩᠭᠤᠳ ᠬᠠᠯᠠ ᠶᠢᠨ ᠤᠷᠭᠤᠮᠠᠯ ᠬᠡᠮᠡᠭᠴᠢ ᠪᠢᠴᠢᠭ ᠤᠨ ᠬᠥᠮᠥᠨ᠂ ᠪᠠᠷᠭᠤ ᠶᠢᠨ ᠭᠤᠷᠪᠠᠨ ᠪᠣᠭᠳᠠ ᠠᠭᠤᠯᠠ ᠶᠢᠨ ᠳᠠᠬᠢᠯᠭ᠎ᠠ ᠶᠢᠨ | ᠰᠤᠳᠤᠷ ᠢ ᠮᠠᠨᠵᠤᠦᠰᠦᠭ ᠢᠶᠠᠷ ᠵᠣᠬᠢᠶᠠᠵᠠᠢ᠃ | ᠳᠠᠷᠠᠭ᠎ᠠ ᠵᠢᠯ ᠠᠴᠠ ᠨᠢ᠂ ᠳᠠᠷᠤᠢ ᠲᠡᠭᠷᠢ ᠲᠡᠳᠬᠦᠭᠴᠢ ᠶᠢᠨ ᠵᠢᠷᠭᠤᠳᠤᠭᠠᠷ ᠣᠨ ᠪᠤᠶᠤ ᠨᠠᠶᠢᠳᠠ ᠶᠢᠨ ᠣᠨ ᠲᠣᠭᠠᠯᠠᠯ ᠤᠨ 1741 ᠣᠨ᠂ ᠠᠷᠪᠠᠨ | ᠬᠤᠶᠠᠳᠤᠭᠠᠷ ᠷᠠᠪᠵᠤᠩ ᠤᠨ ᠴᠠᠭᠠᠭᠴᠢᠨ ᠳᠠᠬᠢᠶ᠎ᠠ ᠵᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠲᠣᠭᠲᠠᠮᠠᠯ ᠡᠳᠦᠷ᠂ ᠰᠢᠨ᠎ᠡ ᠪᠠᠷᠭᠤ ᠪᠠᠷᠠᠭᠤᠨ ᠭᠠᠷᠤᠨ | ᠲᠦᠷᠪᠡᠨ ᠬᠤᠰᠢᠭᠤ ᠭᠤᠣᠯ ᠲᠠᠢ ᠳᠠᠬᠢᠬᠤ ᠪᠣᠯᠵᠤ᠂ ᠲᠡᠭᠦᠨ ᠢᠶᠠᠨ ︽ᠲᠠᠪᠤᠨ ᠰᠠᠷ᠎ᠠ ᠶᠢᠨ ᠠᠭᠤᠯᠠ ᠶᠢᠨ ᠨᠠᠶᠢᠷ︾ ᠬᠡᠳᠡᠭ ᠪᠤᠶᠤ᠃ | ᠪᠠᠷᠭᠤ ᠶᠢᠨ ᠭᠤᠷᠪᠠᠨ ᠪᠣᠭᠳᠠ ᠠᠭᠤᠯᠠ ᠶᠢᠨ ᠳᠠᠬᠢᠯᠭ᠎ᠠ ᠶᠢᠨ ᠲᠥᠪᠡᠳ ᠰᠤᠳᠤᠷ ᠢ ᠨᠠᠶᠢᠳᠠ ᠶᠢᠨ ᠣᠨ ᠲᠣᠭᠠᠯᠠᠯ ᠤᠨ 1835 ᠣᠨ ᠪᠤᠶᠤ ᠬᠠᠷ᠎ᠠ | ᠯᠤᠤ ᠵᠢᠯ ᠤᠨ 8 ᠰᠠᠷ᠎ᠠ ᠶᠢᠨ 30 ᠤ ᠡᠳᠦᠷ ᠨᠢᠭᠡᠨ ᠲᠥᠪᠡᠳ ᠯᠠᠮᠠ ᠵᠣᠬᠢᠶᠠᠵᠤ᠂ ᠳᠠᠷᠠᠭ᠎ᠠ ᠵᠢᠯ ᠤᠨ ᠬᠢᠨᠢ 5 ᠰᠠᠷ᠎ᠠ ᠶᠢᠨ 13 ᠤ ᠡᠳᠦᠷ ᠠᠴᠠ ᠡᠬᠢᠯᠡᠨ ᠯᠠᠮᠠ ᠨᠠᠷ | ᠲᠥᠪᠡᠳ ᠰᠤᠳᠤᠷ ᠢᠶᠠᠷ ᠳᠠᠬᠢᠵᠦ ᠡᠬᠢᠯᠡᠭᠰᠡᠨ ᠠᠴᠠ ᠡᠳᠦᠭᠡ ᠬᠦᠷᠦᠵᠦᠬᠦᠢ᠃ | ᠰᠢᠨ᠎ᠡ ᠪᠠᠷᠭᠤ ᠪᠠᠷᠠᠭᠤᠨ ᠭᠠᠷᠤᠨ ᠲᠦᠷᠪᠡᠨ ᠬᠤᠰᠢᠭᠤ ᠪᠠᠷ ᠢᠶᠠᠨ ᠭᠤᠷᠪᠠᠨ ᠪᠣᠭᠳᠠ ᠠᠭᠤᠯᠠ ᠶᠢ ᠠᠩᠬ᠎ᠠ ᠳᠠᠬᠢᠬᠤ ᠦᠶ᠎ᠡ ᠠᠴᠠ ᠰᠢᠨ᠎ᠡ ᠪᠠᠷᠭᠤ ᠵᠡᠭᠦᠨ | ᠭᠠᠷᠤᠨ ᠬᠡᠰᠡᠭ ᠠᠶᠢᠯ ᠵᠤᠨ᠂ ᠮᠥᠨ ᠲᠠᠪᠤᠨ ᠰᠠᠷ᠎ᠠ ᠶᠢᠨ ᠠᠭᠤᠯᠠ ᠶᠢᠨ ᠨᠠᠶᠢᠷ ᠲᠤ ᠢᠷᠡᠵᠦ᠂ ᠪᠣᠭᠳᠠ ᠠᠭᠤᠯᠠ ᠶᠢ ᠳᠠᠬᠢᠯᠴᠠᠳᠠᠭ ᠪᠠᠶᠢᠭᠰᠠᠨ ᠢᠶᠠᠨ ᠨᠠᠶᠢᠳᠠ ᠶᠢᠨ ᠣᠨ | ᠲᠣᠭᠠᠯᠠᠯ ᠤᠨ 1850 ᠣᠨ ᠳᠤ᠂ ᠰᠢᠨ᠎ᠡ ᠪᠠᠷᠭᠤ ᠪᠠᠷᠠᠭᠤᠨ᠂ ᠵᠡᠭᠦᠨ ᠬᠤᠶᠠᠷ ᠭᠠᠷᠤᠨ ᠨᠠᠢᠮᠠᠨ ᠬᠤᠰᠢᠭᠤ ᠪᠠᠷ ᠢᠶᠠᠨ ᠡᠬᠢᠯᠡᠵᠦ ᠳᠠᠬᠢᠭᠠᠳ᠂ ᠲᠡᠭᠦᠨ ᠠᠴᠠ ᠬᠤᠶᠢᠰᠢ | ᠵᠢᠯ ᠪᠦᠷᠢ ᠶᠢᠨ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠢᠨ᠎ᠡ ᠶᠢᠨ ᠭᠤᠷᠪᠠᠨ ᠤ ᠲᠣᠭᠲᠠᠮᠠᠯ ᠡᠳᠦᠷ ᠳᠠᠬᠢᠬᠤ ᠪᠣᠯᠵᠤ᠂ ᠲᠡᠭᠦᠨ ᠢᠶᠠᠨ ᠪᠠᠷᠭᠤ ᠨᠠᠢᠮᠠᠨ | ᠬᠤᠰᠢᠭᠤᠨ ᠤ ︽ᠡᠪ ᠤᠨ ᠨᠠᠶᠢᠷ︾ ᠭᠡᠳᠡᠭ ᠪᠣᠯᠵᠤ᠂ ︽ᠳᠤᠯᠤᠭᠠᠨ ᠰᠠᠷ᠎ᠠ ᠶᠢᠨ ᠠᠭᠤᠯᠠ ᠶᠢᠨ ᠨᠠᠶᠢᠷ︾ ᠴᠤ ᠭᠡᠳᠡᠭ᠃ | ᠬᠡᠳᠦ ︽ᠵᠡᠭᠦᠨ︾ ᠤ ᠱᠤᠭᠤᠮ ᠤᠨ ᠨᠥᠯᠥᠭᠡᠯᠡᠯ ᠠᠴᠠ ᠪᠣᠯᠵᠤ 1964 ᠣᠨ ︵ᠬᠥᠬᠡ ᠯᠤᠤ ᠵᠢᠯ︶ ᠠᠴᠠ ᠪᠠᠷᠭᠤ ᠶᠢᠨ ᠭᠤᠷᠪᠠᠨ ᠪᠣᠭᠳᠠ ᠠᠭᠤᠯᠠ ᠶᠢ | ᠳᠠᠬᠢᠬᠤ ᠶᠢ ︽ᠹᠧᠣᠳᠠᠯ ᠤᠨ ᠬᠡᠢ ᠪᠢᠰᠢᠷᠡᠯ ᠤᠨ ᠠᠵᠢᠯᠯᠠᠭ᠎ᠠ︾ ᠭᠡᠵᠦ ᠪᠤᠷᠤᠭᠤᠰᠢᠶᠠᠨ ᠵᠣᠭᠰᠣᠭᠠᠵᠤ᠂ 1966 ᠣᠨ ︵ᠤᠯᠠᠭᠠᠨ ᠮᠣᠷᠢᠨ ᠵᠢᠯ︶ ᠳᠤ ︽ᠰᠣᠶᠣᠯ ᠤᠨ | ᠬᠤᠪᠢᠰᠬᠠᠯ︾ ᠤᠨ ᠡᠬᠢᠨ ᠤ ︽ᠲᠦᠷᠪᠡᠨ ᠬᠠᠭᠤᠴᠢᠨ ᠢ ᠡᠪᠳᠡᠬᠦ︾ ᠦᠶ᠎ᠡ ᠳᠤ ᠪᠣᠭᠳᠠ ᠠᠭᠤᠯᠠ ᠶᠢᠨ ᠣᠪᠣᠭ᠎ᠠ ᠶᠢ ᠣᠩᠭᠢᠯᠠᠨ ᠠᠭᠤᠳᠠᠯᠵᠤ᠂ ᠰᠦᠰᠦᠭᠯᠡᠭᠰᠡᠨ | ᠤᠯᠠᠨ ᠤ ᠡᠷᠭᠦᠵᠦ ᠱᠦᠡᠭᠰᠢᠭᠯᠡᠭᠰᠡᠨ ᠡᠳ᠋ ᠡᠷᠳᠡᠨᠢᠰ ᠤᠨ ᠵᠦᠢᠯ ᠢ ᠴᠥᠯᠪᠡᠵᠦ᠂ ᠪᠣᠭᠳᠠ ᠠᠭᠤᠯᠠ ᠶᠢᠨ ᠵᠢᠰᠠ ᠶᠢᠨ ᠮᠠᠯ ᠬᠥᠷᠥᠩᠭᠡ ᠶᠢ ᠬᠤᠷᠢᠶᠠᠮᠵᠢᠯᠠᠨ ᠠᠪᠤᠭᠰᠠᠨ | ᠪᠠᠶᠢᠵᠠᠢ᠃ | 1978 ᠣᠨ ︵ᠰᠢᠷ᠎ᠠ ᠮᠣᠷᠢᠨ ᠵᠢᠯ︶ ᠤ 12 ᠰᠠᠷ᠎ᠠ ᠶᠢᠨ 22 ᠤᠨ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠪᠠᠨ ᠨᠢᠭᠡᠳᠦᠭᠡᠷ | ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯᠳᠤᠭᠠᠨ ᠢᠯᠠᠯᠲᠠ ᠲᠠᠢ ᠬᠤᠷᠠᠯᠳᠤᠵᠤ ᠲᠡᠭᠦᠰᠦᠭᠰᠡᠨ ᠠᠴᠠ ᠬᠤᠶᠢᠰᠢ ᠨᠠᠮ ᠤᠨ ᠦᠨᠳᠦᠰᠦᠲᠡᠨ᠂ ᠱᠠᠰᠢᠨ | ᠰᠤᠷᠲᠠᠬᠤᠨ ᠤ ᠲᠤᠬᠠᠢ ᠲᠦᠷᠦ ᠶᠢᠨ ᠪᠣᠳᠣᠯᠭ᠎ᠠ ᠨᠠᠶᠢᠳᠠᠪᠤᠷᠢᠵᠢᠭᠳᠠᠵᠦ᠂ 1981 ᠣᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ᠂ | ᠪᠠᠷᠭᠤ ᠶᠢᠨ ᠭᠤᠷᠪᠠᠨ ᠪᠣᠭᠳᠠ ᠠᠭᠤᠯᠠ ᠪᠠᠨ ᠰᠡᠷᠭᠦᠭᠡᠨ ᠳᠠᠬᠢᠵᠦ ᠡᠬᠢᠯᠡᠭᠰᠡᠨ ᠪᠠᠶᠢᠨ᠎ᠠ᠃ |