ᠬᠥᠷᠥᠩᠭᠡ ᠠᠬᠤᠶᠢᠯᠠᠬᠤ ᠳᠤ ᠤᠬᠠᠭᠠᠨ ᠬᠡᠷᠡᠭᠲᠡᠢ
ᠨᠡᠶᠢᠲᠡᠯᠡᠭᠰᠡᠨ ᠴᠠᠭ᠄
2024/12/27
          ᠤᠳᠤ ᠶᠢᠨ ᠬᠥᠮᠥᠰ ᠲᠤ ᠶᠠᠭᠤ ᠬᠠᠮᠤᠭ ᠤᠨ ᠴᠢᠬᠤᠯᠠᠲᠠᠢ ᠪᠤᠢ︖ ᠭᠡᠪᠡᠯ ᠬᠥᠷᠥᠩᠭᠡ ᠠᠬᠤᠶᠢᠯᠠᠬᠤ ᠶᠠᠪᠤᠳᠠᠯ ᠪᠠᠶᠢᠵᠤ ᠲᠠᠭᠠᠷᠠᠨ᠎ᠠ᠃          ᠬᠥᠷᠥᠩᠭᠡ ᠠᠬᠤᠶᠢᠯᠠᠬᠤ ᠶᠢ ᠬᠡᠷᠬᠢᠨ ᠰᠤᠷᠤᠯᠴᠠᠪᠠᠯ ᠵᠣᠬᠢᠬᠤ ᠨᠢ ᠲᠤᠬᠠᠢ ᠶᠢᠨ ᠬᠥᠮᠥᠨ ᠤ ᠪᠠᠶᠢᠷᠢ ᠰᠠᠭᠤᠷᠢ᠂ ᠨᠥᠬᠦᠴᠡᠯ ᠪᠠᠶᠢᠳᠠᠯ ᠠᠴᠠ ᠰᠢᠯᠲᠠᠭᠠᠯᠠᠨ ᠥᠭᠡᠷ᠎ᠡ ᠥᠭᠡᠷ᠎ᠡ ᠪᠠᠶᠢᠳᠠᠭ᠃ ᠲᠤᠬᠠᠶᠢᠯᠠᠪᠠᠯ ᠪᠢ ︽ᠭᠤᠪᠢ︾ ᠭᠡᠳᠡᠭ ᠺᠤᠮᠫᠠᠨᠢ ᠶᠢᠨ ᠵᠠᠬᠢᠷᠤᠯ᠃ ᠵᠠᠬᠢᠷᠤᠯ ᠬᠥᠮᠥᠨ ᠬᠤᠷᠸ᠎ᠠ ᠳᠡᠯᠡᠬᠡᠢ ᠶᠠᠭᠠᠬᠢᠵᠤ ᠥᠭᠡᠷᠡᠴᠢᠯᠡᠭᠳᠡᠭᠰᠡᠨ ᠴᠤ ᠺᠤᠮᠫᠠᠨᠢ ᠶᠢᠨ ᠢᠶᠠᠨ ᠪᠦᠭᠦ ᠬᠥᠮᠥᠰ ᠤᠨ ᠠᠮᠢᠳᠤᠷᠠᠵᠤ ᠴᠢᠳᠠᠬᠤ ᠡᠰᠡᠬᠦ ᠶᠢ ᠤᠷᠢᠳᠴᠢᠯᠠᠨ ᠪᠤᠳᠤᠬᠰᠠᠠ ᠪᠠᠶᠢᠬᠤ ᠶᠣᠰᠣᠲᠠᠢ᠃          ᠤᠳᠤ ᠭᠦᠷᠳᠡᠯ᠎ᠠ ᠰᠠᠷ᠎ᠠ ᠳᠤ 3000 ᠭᠠᠷᠤᠢ ᠲᠥᠭᠦᠷᠢᠭ ᠢᠶᠠᠷ ᠠᠮᠢᠳᠤᠷᠠᠵᠤ ᠪᠠᠶᠢᠭᠰᠠᠨ ᠺᠤᠮᠫᠠᠨᠢ ᠶᠢᠨ ᠨᠢᠭᠡ ᠠᠵᠢᠯᠲᠠᠨ᠂ ᠴᠠᠭᠠᠰᠢᠳᠠ 2000 ᠭᠠᠷᠤᠢ ᠲᠥᠭᠦᠷᠢᠭ ᠢᠶᠠᠷ ᠠᠮᠢᠳᠤᠷᠠᠵᠤ ᠪᠤᠯᠬᠤ ᠠᠷᠭ᠎ᠠ ᠣᠯᠵᠤ᠂ 400 ᠭᠠᠷᠤᠢ ᠲᠥᠭᠦᠷᠢᠭ ᠢᠶᠠᠨ ᠬᠠᠳᠠᠭᠠᠯᠠᠵᠤ ᠴᠢᠳᠠᠬᠤ ᠳᠤ ᠯᠠ ᠠᠰᠠᠭᠤᠳᠠᠯ ᠦᠭᠡᠢ᠃ ᠭᠡᠷ ᠣᠷᠣᠨ ᠦᠭᠡᠢ ᠬᠥᠮᠥᠰ ᠭᠡᠬᠦ ᠳᠤ ᠬᠤᠭᠤᠯᠠᠨ ᠤ ᠭᠠᠵᠠᠷ ᠡᠷᠢᠬᠦ᠂ ᠲᠡᠮᠦᠷ ᠬᠥᠩᠭᠡᠨᠴᠠᠭᠠᠨ᠂ ᠺᠠᠷᠲ᠋ᠣᠨ ᠬᠠᠶᠢᠷᠴᠠᠭ ᠴᠤᠭᠯᠠᠭᠤᠯᠵᠤ ᠪᠣᠷᠣᠯᠠᠭᠤᠯᠬᠤ ᠵᠡᠷᠭᠡ ᠪᠠᠷ ᠪᠠᠭ᠎ᠠ ᠴᠤ ᠭᠡᠰᠡᠨ ᠮᠥᠩᠭᠦ ᠣᠯᠬᠤ ᠠᠵᠢᠯ ᠬᠠᠶᠢᠵᠤ ᠬᠤᠭᠤᠯᠠ ᠲᠠᠢ ᠪᠠᠶᠢᠬᠤ ᠶᠠᠪᠤᠳᠠᠯ ᠶᠤᠮ᠃ ᠡᠨᠡ ᠨᠢ ᠬᠥᠮᠥᠨ ᠳᠤ ᠣᠨᠣᠭᠳᠠᠭᠰᠠᠨ ᠮᠥᠩᠭᠦᠨ ᠤ ᠠᠰᠠᠭᠤᠳᠠᠯ ᠶᠤᠮ᠃          ᠲᠠᠶᠢᠨ ᠳᠠᠵᠢᠨ ᠤ ᠴᠠᠭ ᠦᠶ᠎ᠡ ᠳᠤ ᠤᠳᠤᠷᠢᠳᠤᠯᠭ᠎ᠠ ᠵᠠᠬᠢᠷᠤᠯ ᠠᠴᠠ ᠡᠬᠢᠯᠡᠭᠡᠳ ᠮᠥᠩᠭᠦ ᠦᠭᠡᠢ ᠶᠠᠳᠠᠭᠤᠴᠤᠳ ᠭᠦᠷᠳᠡᠯ᠎ᠠ ᠪᠦᠭᠦᠳᠡᠭᠡᠷ ᠢᠶᠠᠨ ᠠᠳᠠᠯᠢᠬᠠᠨ ᠳᠡᠯᠪᠡᠷᠡᠬᠦ ᠪᠥᠮᠪᠦᠭᠡ᠂ ᠰᠤᠮᠤ ᠶᠢᠨ ᠳᠣᠣᠷ᠎ᠠ ᠪᠠᠶᠢᠭᠰᠠᠨ ᠪᠣᠯ ᠤᠳᠤ ᠴᠠᠭ ᠥᠭᠡᠷ᠎ᠡ ᠪᠣᠯᠵᠤ︽ᠬᠥᠷᠥᠩᠭᠡ ᠠᠬᠤᠶᠢᠯᠠᠬᠤ︾ ᠢ ᠰᠤᠷᠤᠯᠴᠠᠬᠤ ᠴᠠᠭ ᠦᠶ᠎ᠡ ᠢᠷᠡᠭᠰᠡᠨ ᠪᠠᠶᠢᠨ᠎ᠠ᠃ ᠤᠳᠤᠷᠢᠳᠤᠯᠭ᠎ᠠ ᠴᠤ ᠭᠡᠰᠡᠨ᠂ ᠵᠠᠬᠢᠷᠤᠯ ᠴᠤ ᠭᠡᠰᠡᠨ᠂ ᠠᠵᠢᠯᠲᠠᠨ ᠴᠤ ᠭᠡᠰᠡᠨ᠂ ᠭᠡᠷ ᠣᠷᠣᠨ ᠦᠭᠡᠢ ᠶᠠᠳᠠᠭᠤ ᠨᠢᠭᠡᠨ ᠴᠤ ᠭᠡᠰᠡᠨ ᠡᠭᠡᠭᠡ ᠠᠳᠠᠯᠢᠬᠠᠨ ᠡᠳ᠋ ᠤᠨ ᠵᠠᠰᠠᠭ ᠤᠨ ᠲᠤᠬᠠᠢ ᠪᠤᠳᠤᠬᠤ ᠬᠡᠷᠡᠭᠲᠡᠢ ᠪᠣᠯᠪᠠ᠃          ᠡᠶᠢᠮᠦ ᠴᠠᠭ ᠦᠶ᠎ᠡ ᠳᠤ ᠰᠢᠯᠵᠢᠯ᠎ᠡ ᠭᠡᠳ ᠰᠡᠳᠬᠢᠯ ᠵᠣᠪᠠᠵᠤ᠂ ᠬᠤᠨᠤᠭ ᠬᠤᠭᠤᠯᠠ ᠶᠢᠨ ᠮᠥᠩᠭᠦ ᠪᠠᠨ ᠥᠭᠴᠦ ᠴᠢᠳᠠᠭᠰᠠᠨ ᠬᠥᠮᠥᠰ ᠪᠣᠯ︽ᠬᠥᠷᠥᠩᠭᠡ ᠠᠬᠤᠶᠢᠯᠠᠬᠤ ᠬᠢᠴᠢᠶᠡᠯ ᠬᠡᠷᠡᠭᠲᠡᠢ ᠶᠤᠮ ᠪᠠᠶᠢᠨ᠎ᠠ︾ᠭᠡᠵᠦ ᠣᠶᠢᠯᠠᠭᠠᠭᠰᠠᠨ ᠬᠥᠮᠥᠰ ᠶᠤᠮ᠃ ᠡᠭᠦᠨ ᠢ ᠣᠶᠢᠯᠠᠭᠠᠭᠠᠳ ᠮᠥᠩᠭᠦᠨ ᠤ ᠠᠰᠠᠭᠤᠳᠠᠯ ᠢᠶᠠᠨ ᠵᠥᠪ ᠰᠢᠢᠳᠴᠦ ᠴᠢᠳᠠᠵᠤ ᠪᠠᠶᠢᠪᠠᠯ ᠰᠠᠶᠢᠬᠠᠨ ᠠᠮᠢᠳᠤᠷᠠᠵᠤ ᠴᠢᠳᠠᠨ᠎ᠠ᠃          ᠳᠤᠷ᠎ᠠ ᠲᠠᠢ ᠴᠤ ᠲᠠᠷᠠ᠂ ᠳᠤᠷ᠎ᠠ ᠦᠭᠡᠢ ᠴᠤ ᠲᠠᠷᠠ ᠢᠷᠡᠭᠡᠳᠦᠢ ᠳᠤ ᠲᠠ︽ᠮᠥᠩᠭᠦᠨ ᠤ ᠤᠬᠠᠭᠠᠨ︾ ᠳᠤ ᠰᠤᠷᠤᠯᠴᠠᠬᠤ ᠦᠭᠡᠢ ᠪᠣᠯ ᠪᠤᠯᠬᠤ ᠦᠭᠡᠢ᠃ ᠲᠤᠬᠠᠶᠢᠯᠠᠪᠠᠯ ᠭᠡᠷ ᠪᠦᠯᠢ ᠪᠣᠯᠤᠭᠰᠠᠨ ᠤ ᠪᠠᠨ ᠲᠠᠷᠠᠭ᠎ᠠ ᠴᠤ ᠠᠵᠢᠯᠯᠠᠵᠤ ᠪᠠᠶᠢᠭᠰᠠᠨ ᠪᠦᠰᠡᠭᠦᠶᠢᠴᠦᠳ︽ᠠᠵᠢᠯ ᠣᠯᠳᠠᠨ᠎ᠠ᠂ ᠨᠥᠬᠦᠷ ᠲᠠᠭᠢᠵᠤ ᠣᠯᠳᠠᠬᠤ ᠦᠭᠡᠢ︾ ᠭᠡᠵᠦ ᠪᠤᠳᠤᠳᠠᠭ ᠪᠠᠶᠢᠭᠰᠠᠨ ᠪᠣᠯ ᠡᠭᠦᠨ ᠠᠴᠠ ᠬᠤᠶᠢᠰᠢᠬᠢ ᠴᠠᠭ ᠦᠶ᠎ᠡ ᠳᠤ ᠡᠰᠡᠷᠭᠦ ᠪᠠᠷ ︽ᠨᠥᠬᠦᠷ ᠣᠯᠳᠠᠵᠤ ᠪᠤᠯᠬᠤ ᠴᠤ᠂ ᠠᠵᠢᠯ ᠣᠯᠳᠠᠬᠤ ᠦᠭᠡᠢ︾ ᠭᠡᠬᠦ ᠪᠣᠯᠣᠨ᠎ᠠ᠃ ᠲᠠᠨ ᠳᠤ ᠭᠡᠳᠤ ᠲᠤᠶᠢᠯᠰᠢᠷᠠᠭᠰᠠᠨ ᠮᠡᠲᠦ ᠰᠠᠨᠠᠭᠳᠠᠵᠤ ᠪᠠᠶᠢᠵᠤ ᠮᠠᠭᠠᠳ ᠦᠭᠡᠢ᠂ ᠭᠡᠲᠡᠯ᠎ᠡ ᠲᠠᠶᠢᠮᠤ ᠴᠠᠭ ᠦᠶ᠎ᠡ ᠤᠳᠠᠯ ᠦᠭᠡᠢ ᠯᠠᠪ ᠢᠷᠡᠨ᠎ᠠ᠃          ᠮᠥᠨ ᠵᠠᠯᠠᠭᠤ ᠪᠦᠰᠡᠭᠦᠶᠢᠴᠦᠳ ᠠᠭᠤᠯᠵᠠᠳᠠᠭ ᠵᠠᠯᠠᠭᠤ ᠠᠴᠠ ᠪᠠᠨ᠄          — ᠠᠵᠢᠯ ᠪᠢᠳᠠ ᠬᠤᠶᠠᠷ ᠤᠨ ᠠᠯᠢ ᠨᠢ ᠴᠢᠬᠤᠯᠠ ᠪᠤᠢ︖ ᠬᠡᠮᠡᠨ ᠲᠤᠯᠭᠠᠨ ᠠᠰᠠᠭᠤᠬᠤ ᠦᠶ᠎ᠡ ᠶᠡᠭᠡ ᠠᠵᠢᠭᠯᠠᠭᠳᠠᠳᠠᠭ᠃ ᠥᠨᠥ ᠪᠤᠯᠳᠠᠯ᠎ᠠ ᠵᠠᠯᠠᠭᠤ  ᠨᠢ ︽ᠡᠩ ᠁︖︾ ᠬᠡᠮᠡᠨ ᠲᠡᠨᠡᠭᠷᠡᠵᠦ ᠵᠣᠪᠠᠳᠠᠭ ᠪᠠᠶᠢᠭᠰᠠᠨ ᠪᠣᠯ᠂ ᠡᠭᠦᠨ ᠠᠴᠠ ᠬᠤᠶᠢᠰᠢᠬᠢ ᠴᠠᠭ ᠦᠶ᠎ᠡ ᠳᠤ ᠨᠠᠶᠢᠵᠠ ᠵᠠᠯᠠᠭᠤ ᠨᠢ ᠰᠢᠭᠤᠳᠬᠠᠨ ︽ᠠᠵᠢᠯ︕︾ ᠭᠡᠵᠦ ᠬᠠᠷᠢᠭᠤᠯᠬᠤ ᠪᠣᠯᠣᠨ᠎ᠠ᠃ ᠤᠴᠢᠷ ᠨᠢ ᠭᠡᠷ ᠪᠦᠯᠢ ᠪᠠᠨ ᠬᠠᠮᠠᠭᠠᠯᠠᠵᠤ᠂ ᠠᠮᠢᠳᠤᠷᠠᠬᠤ ᠶᠢᠨ ᠲᠤᠯᠠᠳᠠ ᠠᠵᠢᠯ ᠳᠠᠭᠠᠨ ᠠᠮᠢ ᠨᠠᠰᠤ ᠪᠠᠨ ᠵᠣᠷᠢᠭᠤᠯᠬᠤ ᠱᠠᠭᠠᠷᠳᠠᠯᠭ᠎ᠠ  ᠲᠠᠢ ᠪᠣᠯᠣᠨ᠎ᠠ᠃          ᠥᠨᠥ ᠪᠤᠯᠳᠠᠯ᠎ᠠ ᠵᠥᠪ ᠭᠡᠭᠳᠡᠵᠦ ᠪᠠᠶᠢᠭᠰᠠᠨ ᠵᠦᠢᠯᠡᠰ ᠥᠭᠡᠷᠡᠴᠢᠯᠡᠭᠳᠡᠭᠰᠡᠭᠡᠷ ᠪᠠᠶᠢᠨ᠎ᠠ᠃ ᠡᠭᠦᠨ ᠠᠴᠠ ᠬᠤᠶᠢᠰᠢᠬᠢ 100 ᠵᠢᠯ ᠤᠨ ᠳᠣᠲᠣᠷ᠎ᠠ ᠲᠠᠶᠢᠮᠤ ᠴᠠᠭ ᠦᠶ᠎ᠡ ᠢᠷᠡᠬᠦ ᠪᠠᠶᠢᠬ᠎ᠠ︕ ᠲᠠᠶᠢᠮᠤ ᠠᠴᠠ ︽ᠡᠳ᠋ ᠤᠨ ᠵᠠᠰᠠᠭ ᠲᠤ ᠰᠣᠯᠣᠭᠠᠢ︾ ᠬᠥᠮᠥᠨ ᠬᠤᠯᠠ ᠶᠠᠪᠤᠬᠤ ᠦᠭᠡᠢ᠂ ᠳᠠᠭᠤᠤ ᠳᠤ ᠰᠣᠯᠣᠭᠠᠢ ᠬᠥᠮᠥᠨ ᠢ ᠥᠷᠥᠰᠢᠶᠡᠵᠦ ᠪᠤᠯᠬᠤ ᠴᠤ ︽ᠡᠳ᠋ ᠤᠨ ᠵᠠᠰᠠᠭ ᠲᠤ ᠰᠣᠯᠣᠭᠠᠢ︾ ᠬᠥᠮᠥᠨ ᠬᠡᠷᠡᠭ ᠦᠭᠡᠢ ᠪᠤᠯᠬᠤ ᠲᠠᠶᠢᠮᠤ ᠴᠠᠭ ᠦᠶ᠎ᠡ ᠳᠥᠬᠦᠵᠦ ᠠᠶᠢᠰᠤᠢ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ