ᠨᠡᠬᠦᠳᠡᠯᠴᠢᠨ ᠪᠠᠷᠭᠤ ᠮᠤᠩᠭᠤᠯᠴᠤᠳ ᠤᠨ ᠤᠷᠤᠰᠢᠬᠤᠢ ᠠᠮᠢᠳᠤᠷᠠᠬᠤᠢ ᠶᠢᠨ ᠵᠠᠩ ᠵᠠᠩᠰᠢᠯ
ᠨᠡᠶᠢᠲᠡᠯᠡᠭᠰᠡᠨ ᠴᠠᠭ᠄
2024/3/8
          ᠨᠢᠭᠡ᠂ ᠪᠠᠷᠭᠤᠴᠤᠳ ᠤᠨ ᠤᠷᠤᠨ ᠰᠠᠭᠤᠴᠠ                   ᠪᠠᠷᠭᠤᠴᠤᠳ ᠪᠤᠯ ᠪᠠᠯᠴᠢᠭᠡᠷ ᠤᠨ ᠮᠠᠯ ᠠᠵᠤ ᠠᠬᠤᠢ ᠡᠷᠬᠢᠯᠡᠭᠰᠡᠨ ᠨᠡᠬᠦᠳᠡᠯᠴᠢᠳ ᠮᠦᠨ᠃ ᠪᠠᠷᠭᠤᠴᠤᠳ ᠤᠨ ᠤᠷᠤᠨ ᠰᠠᠭᠤᠴᠠ ᠨᠢ ᠪᠠᠯᠴᠢᠭᠡᠷ ᠤᠨ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠪᠠᠯᠴᠢᠭᠡᠷ ᠤᠰᠤ ᠪᠠᠨ ᠲᠠᠭᠠᠵᠤ᠂ ᠲᠠᠰᠤᠷᠠᠯᠳᠠ ᠦᠭᠡᠢ ᠨᠡᠬᠦᠳᠡᠯᠯᠡᠳᠡᠭ ᠤᠡᠴᠠᠯᠢᠭ ᠠᠴᠠ ᠡᠬᠦᠰᠴᠤ᠂ ᠡᠷᠭᠡᠪᠰᠢ ᠠᠴᠢᠶᠠᠯᠠᠵᠤ ᠨᠡᠬᠦᠳᠡᠯᠯᠡᠬᠦ ᠳᠤ ᠬᠢᠯᠪᠡᠷ᠂ ᠠᠪᠴᠤ ᠶᠠᠪᠤᠬᠤ ᠳᠤ ᠠᠪᠰᠠᠷᠬᠠᠨ᠂ ᠢᠯᠴᠢ ᠭᠡᠷᠡᠯ ᠬᠠᠨᠭ᠍ᠭᠠᠮᠵᠢ ᠲᠠᠢ᠂ ᠡᠳ᠋ᠯᠡᠵᠤ ᠭᠡᠷᠡᠭᠯᠡᠬᠦ ᠳᠤ ᠲᠦᠬᠦᠮ ᠱᠠᠭᠠᠷᠳᠠᠯᠭ᠎ᠠ ᠳᠤ    ᠨᠠᠶᠢᠴᠡᠭᠰᠡᠨ ᠪᠠᠶᠢᠳᠠᠭ᠃                   ︵ᠨᠢᠭᠡ︶ ᠤᠷᠤᠨ ᠰᠠᠭᠤᠴᠠ ᠶᠢᠨ ᠲᠥᠷᠤᠯ ᠵᠦᠢᠯ           1. ᠤᠪᠤᠬᠠᠢ           ᠪᠠᠷᠭᠤᠴᠤᠳ ᠡᠷᠳᠡᠨ ᠳᠡᠭᠡᠨ ᠠᠭᠤᠯᠠᠷᠬᠠᠭ᠂ ᠠᠡᠭ ᠬᠦᠷᠥᠭᠡᠳᠤ ᠤᠷᠤᠨ ᠳᠤ ᠲᠤᠬᠢᠷᠠᠭᠰᠠᠨ ᠤᠪᠤᠬᠠᠢ ᠭᠡᠷ ᠲᠤ ᠰᠠᠭᠤᠵᠤ ᠪᠠᠶᠢᠭᠰᠠᠨ ᠶᠤᠮ᠃ ᠲᠡᠳᠡ ᠮᠤᠳᠤᠨ ᠤ ᠮᠥᠴᠢᠷ ᠢ ᠬᠦᠷᠤᠵᠤ ᠤᠪᠤᠬᠠᠢ ᠭᠡᠷ ᠪᠤᠰᠬᠠᠳᠠᠭ᠃ ᠵᠠᠷᠠᠭᠠᠨ ᠤᠪᠤᠬᠠᠢ ᠭᠡᠵᠤ ᠮᠤᠷᠢᠳᠠᠢ ᠬᠦᠮᠤᠨ ᠭᠠᠨᠵᠤᠭᠠᠯᠠᠭᠠᠳ ᠶᠠᠪᠤᠴᠢᠬᠠᠳᠠᠭ ᠬᠠᠨ᠎ᠠ ᠮᠡᠳᠤ ᠭᠡᠯᠪᠡᠷᠢᠳᠠᠢ ᠮᠠᠰᠢ ᠬᠦᠡᠭᠭᠡᠨ ᠭᠡᠷ ᠪᠠᠶᠢᠯ᠎ᠠ ᠭᠡᠰᠡᠨ ᠤᠯᠠᠮᠵᠢᠯᠠᠯ ᠶᠠᠷᠢᠶ᠎ᠠ ᠪᠤᠢ᠃ ᠲᠡᠷᠡ ᠨᠢ ᠪᠠᠷᠭᠤᠴᠤᠳ ᠤᠨ ᠠᠡᠭ ᠬᠦᠷᠥᠭᠡ ᠳᠤ ᠶᠠᠪᠤᠬᠤ᠂ ᠨᠡᠬᠦᠵᠤ ᠰᠠᠭᠤᠬᠤ ᠳᠤ ᠲᠦᠢᠯ ᠤᠨ ᠲᠦᠬᠦᠮ ᠠᠪᠰᠠᠷᠬᠠᠨ᠂ ᠲᠥᠷ ᠴᠠᠭ ᠤᠨ ᠭᠡᠷ ᠪᠤᠯᠵᠤ ᠪᠠᠶᠢᠭᠰᠠᠨ ᠶᠤᠮ᠃          2. ᠬᠠᠳᠬᠤᠭᠤᠷ ᠭᠡᠷ ᠪᠤᠶᠤ ᠠᠨᠠᠭ          ᠪᠠᠷᠭᠤᠴᠤᠳ ᠰᠡᠬᠦᠯᠡᠷ ᠨᠢ ᠠᠭᠠᠵᠢᠮ ᠢᠶᠠᠷ ︽ᠬᠠᠳᠬᠤᠭᠤᠷ ᠭᠡᠷ︾᠎ ᠲᠤ ᠰᠠᠭᠤᠬᠤ ᠪᠤᠯᠤᠭᠰᠠᠨ ᠶᠤᠮ᠃ ᠬᠠᠳᠬᠤᠭᠤᠷ ᠭᠡᠷ ᠨᠢ ᠬᠠᠨ᠎ᠠ ᠦᠭᠡᠢ᠂ ᠲᠤᠰᠬᠠᠢ ᠡᠬᠦᠳᠡ ᠦᠭᠡᠢ᠃ ᠮᠤᠳᠤ ᠪᠠᠷ ᠬᠢᠭᠰᠡᠨ ᠲᠦᠬᠦᠮᠭᠡᠨ ᠭᠡᠷᠡᠯ ᠤᠷᠤᠭᠤᠯᠬᠤ ᠭᠡᠭᠡᠪᠴᠢ ᠪᠠᠨ ︽ᠲᠤᠭᠤᠨᠤ︾ ᠭᠡᠵᠤ᠂ ᠲᠤᠭᠤᠨᠤᠨ ᠳᠤ ᠪᠠᠨ ᠭᠡᠳᠤᠨ ᠤᠨᠢ ᠬᠠᠳᠬᠤᠨ ᠲᠤᠯᠵᠤ ᠪᠤᠰᠬᠠᠭᠠᠳ᠂ ᠲᠡᠬᠦᠨ ᠢᠶᠠᠨ ᠮᠤᠳᠤᠨ ᠤ ᠨᠠᠪᠴᠢ᠂ ᠠᠮᠢᠳᠠᠨ ᠠᠷᠢᠶᠠᠳᠠᠨ ᠤ ᠠᠷᠠᠰᠤ ᠵᠡᠷᠭᠡ ᠪᠠᠷ ᠪᠥᠷᠢᠵᠤ ᠲᠤᠯᠠᠭᠠᠯᠠᠨ᠂ ︽ᠬᠠᠳᠬᠤᠭᠤᠷ ᠭᠡᠷ︾ ᠪᠤᠯᠭᠠᠳᠠᠭ᠃ ᠡᠬᠦᠨ ᠢᠶᠠᠨ ᠪᠠᠰᠠ ︽ᠠᠨᠠᠭ︾ ᠭᠡᠳᠡᠭ ᠪᠠᠶᠢᠪᠡ᠃          3. ᠮᠠᠶᠢᠬᠠᠨ          ᠤᠨᠢ ᠦᠭᠡᠢ᠂ ᠵᠦᠪᠭᠡᠨ ᠬᠤᠶᠠᠷ ᠬᠠᠨ᠎ᠠ ᠶᠢ ᠨᠢ ᠨᠠᠯᠠᠤ ᠪᠠᠷ ᠵᠦᠷᠢᠬᠦᠯᠦᠨ ᠪᠠᠷᠢᠭᠰᠠᠨ ᠲᠦᠬᠦᠮ ᠰᠠᠭᠤᠴᠠ ᠶᠢ ︽ᠮᠠᠶᠢᠬᠠᠨ︾ ᠭᠡᠳᠡᠭ᠃ ᠬᠤᠶᠠᠷ ᠮᠤᠳᠤ ᠶᠢ ᠪᠤᠰᠬᠠᠵᠤ᠂ ᠲᠡᠭᠡᠷ᠎ᠠ ᠨᠢ ᠨᠢᠭᠡ ᠮᠤᠳᠤ ᠶᠢ ᠬᠦᠡᠳᠡᠯᠡᠨ ᠢᠶᠠᠷ ᠲᠠᠮᠨᠠᠭᠤᠯᠤᠨ ᠲᠠᠩᠨᠠᠵᠤ᠂ ᠲᠠᠬᠦᠨ ᠢᠶᠠᠨ ᠴᠢᠩᠭ᠎ᠠ ᠪᠠᠷᠢᠵᠤ ᠤᠶᠠᠭᠠᠳ ᠭᠡᠳᠤᠨ ᠲᠠᠶᠢᠰᠢ ᠨᠢ ᠲᠠᠯᠠᠵᠤ ᠪᠠᠬᠢᠯᠡᠨ ᠲᠤᠭᠳᠠᠭᠠᠵᠤ᠂ ᠠᠮᠢᠳᠠᠨ ᠤ ᠠᠷᠠᠰᠤ ᠪᠤᠶᠤ ᠮᠤᠳᠤᠨ ᠤ ᠨᠠᠪᠴᠢ ᠵᠠᠷᠭᠡ ᠪᠠᠷ ᠬᠤᠴᠢᠵᠤ ᠲᠤᠯᠠᠭᠠᠯᠠᠭᠰᠠᠨ ᠰᠠᠭᠤᠴᠠ ᠪᠠᠨ ᠪᠠᠰᠠ ︽ᠮᠠᠶᠢᠬᠠᠨ︾ ᠭᠡᠨ᠎ᠠ᠃ ᠨᠡᠬᠦᠳᠡᠯ ᠪᠤᠶᠤ ᠬᠦᠡᠭᠭᠡᠨ ᠤᠳᠤᠷ ᠶᠠᠪᠤᠬᠤ ᠳᠤ ᠠᠨᠠᠭ ᠪᠡ ᠮᠠᠶᠢᠬᠠᠨ ᠪᠤᠰᠬᠠᠵᠤ ᠰᠠᠭᠤᠬᠤ ᠨᠢ ᠮᠠᠰᠢ ᠬᠢᠯᠪᠡᠷ ᠪᠥᠭᠡᠳ ᠲᠦᠬᠦᠮ ᠪᠠᠶᠢᠳᠠᠭ᠃          4. ᠲᠤᠭᠤᠨᠤᠳᠤ ᠭᠡᠷ ᠪᠤᠶᠤ ᠬᠠᠨᠠᠳᠤ ᠭᠡᠷ          ᠪᠠᠷᠭᠤᠴᠤᠳ ᠬᠠᠳᠬᠤᠭᠤᠷ ᠭᠡᠷ ᠪᠡ ᠮᠠᠶᠢᠬᠠᠨ ᠭᠡᠷ ᠲᠤ ᠰᠠᠭᠤᠳᠠᠭ ᠪᠠᠶᠢᠭᠰᠠᠨ ᠠᠴᠠ ᠪᠠᠨ ᠲᠥᠷᠪᠡᠨ ᠬᠠᠨ᠎ᠠ ᠲᠠᠢ ᠲᠤᠭᠤᠨᠤᠳᠤ ᠭᠡᠷ ᠲᠤ ᠰᠠᠭᠤᠳᠠᠭ ᠪᠤᠯᠪᠡ᠃ ᠡᠬᠦᠨ ᠢᠶᠠᠨ ︽ᠦᠷᠥᠭᠡ︾ ᠭᠡᠵᠤ ᠭᠡᠯᠡᠳᠡᠭ᠃ ᠴᠢᠨᠠᠭᠰᠢᠳᠠ ᠪᠠᠨ ᠴᠢᠳᠠᠯ ᠲᠡᠩᠭᠡᠭᠡ ᠲᠠᠢ ᠠᠶᠢᠯ ᠨᠢ ᠤᠯᠠᠨ ᠬᠠᠨ᠎ᠠ ᠲᠠᠢ ᠲᠤᠮᠤ ᠭᠡᠷ ᠲᠤ ᠰᠠᠭᠤᠳᠠᠭ ᠪᠤᠯᠵᠠᠢ᠃ ᠵᠢᠷᠭᠤᠭᠠᠨ ᠬᠠᠨ᠎ᠠ ᠠᠴᠠ ᠲᠡᠭᠡᠭᠰᠢ ᠬᠠᠨ᠎ᠠ ᠲᠠᠢ ᠭᠡᠷ ᠢ ︽ᠶᠡᠭᠡ ᠭᠡᠷ︾ ᠭᠡᠵᠤ᠂ ᠠᠷᠪᠡᠨ ᠬᠠᠨ᠎ᠠ ᠲᠠᠢ ᠭᠡᠷ ᠢ ︽ᠲᠤᠭᠠᠡᠭ︾ ᠭᠡᠳᠡᠭ᠃                   ᠪᠠᠷᠭᠤᠴᠤᠳ ᠤᠨ ᠪᠠᠶᠢᠡᠭᠭᠤ ᠭᠡᠷᠡᠭᠯᠡᠳᠡᠭ ᠲᠥᠷᠪᠡᠨ ᠬᠠᠨ᠎ᠠ ᠲᠠᠢ ︽ᠮᠤᠩᠭᠤᠯ ᠭᠡᠷ︾᠎ ᠨᠢ ᠮᠦᠨ ᠲᠤᠭᠤᠨᠤᠳᠤ ᠭᠡᠷ ᠪᠤᠶᠤ ᠬᠠᠨᠠᠳᠤ ᠭᠡᠷ ᠲᠤ ᠪᠠᠭᠳᠠᠨ᠎ᠠ᠃ ᠡᠶᠢᠮᠤ ᠠᠴᠠ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ᠂ ᠵᠢᠷᠠᠨ ᠲᠥᠷᠪᠡᠨ ᠤᠨᠢ ᠲᠠᠢ ᠢᠰᠡᠭᠡᠢ ᠲᠤᠭᠤᠷᠭᠠᠳᠤ ᠮᠤᠩᠭᠤᠯ ᠭᠡᠷ ᠨᠢ ᠭᠠᠵᠠᠷ ᠭᠠᠵᠠᠷ ᠤᠨ ᠪᠠᠷᠭᠤᠴᠤᠳ ᠤᠨ ᠲᠥᠭᠡᠮᠡᠯ ᠭᠡᠷᠡᠭᠯᠡᠳᠡᠭ ᠤᠯᠠᠮᠵᠢᠯᠠᠯᠳᠤ ᠤᠷᠤᠨ ᠰᠠᠭᠤᠴᠠ ᠶᠢᠨ ᠰᠤᠩᠭᠤᠳᠠᠭ ᠭᠡᠯᠪᠡᠷᠢ ᠪᠤᠯᠵᠠᠢ᠃          5. ᠪᠥᠮᠪᠤᠭᠡᠨ ᠭᠡᠷ          ᠠᠶᠢᠯ ᠪᠥᠷᠢ ᠦᠪᠡᠷᠰᠡᠳ ᠤᠨ ᠢᠶᠠᠨ ᠭᠡᠷᠡᠭᠰᠡᠬᠦ ᠭᠡᠮᠵᠢᠶ᠎ᠠ ᠪᠠᠷ ᠢᠶᠠᠨ ᠲᠤᠳᠤᠷ ᠭᠠᠳᠠᠷ ᠬᠤᠶᠠᠷ ᠲᠤᠭᠤᠷᠢᠭ ᠪᠤᠷᠭᠠᠰᠤᠨ ᠬᠠᠰᠢᠶ᠎ᠠ ᠬᠦᠷᠥᠭᠡᠳ ᠭᠡᠷ ᠤᠨ ᠬᠠᠨ᠎ᠠ ᠭᠡᠷᠡᠮ ᠪᠤᠯᠭᠠᠵᠤ᠂ ᠴᠤᠩᠬᠤ ᠡᠬᠦᠳᠡᠨ ᠤ ᠵᠠᠢ ᠦᠯᠡᠳᠡᠭᠡᠨ ᠵᠠᠪᠰᠠᠷ ᠢ ᠨᠢ ᠬᠤᠮᠤᠯ ᠤᠨ ᠰᠦᠢᠷᠡᠭ ᠪᠤᠶᠤ ᠠᠷᠭᠠᠯ ᠤᠨ ᠬᠤᠭ᠂ ᠬᠤᠷᠭᠤᠯ ᠬᠤᠬᠢᠷ ᠵᠠᠷᠭᠡ ᠪᠠᠷ ᠲᠦᠬᠦᠷᠭᠡᠨ᠎ᠠ᠃ ᠲᠡᠭᠡᠪᠤᠷ ᠢ ᠨᠢ ᠱᠤᠪᠤᠭᠤᠷ ᠮᠠᠯᠠᠭᠠᠢ ᠰᠢᠬ ᠬᠦᠷᠥᠭᠡᠳ ᠲᠠᠷᠤᠬᠤ ᠪᠤᠶᠤ ᠭᠡᠰᠡᠭ ᠭᠡᠰᠡᠭ ᠬᠠᠰᠢᠶ᠎ᠠ ᠬᠦᠷᠥᠭᠡᠳ ᠲᠠᠷᠤᠵᠤ ᠰᠢᠪᠠᠭᠠᠳ ᠰᠠᠭᠤᠬᠤ ᠭᠡᠷ ᠪᠤᠯᠭᠠᠳᠠᠭ᠃ ᠡᠬᠦᠨ ᠢᠶᠠᠨ ᠪᠥᠮᠪᠤᠭᠡᠨ ᠭᠡᠷ ᠭᠡᠳᠡᠭ᠂ ᠡᠶᠢᠮᠤ ᠭᠡᠷ ᠲᠤᠩ ᠲᠤᠯᠠᠭᠠᠨ ᠪᠠᠶᠢᠳᠠᠭ᠃          ᠪᠥᠮᠪᠤᠭᠡᠨ ᠭᠡᠷ ᠢ ᠬᠠᠶᠢᠯᠠᠷ ᠭᠤᠤᠯ᠂ ᠤᠷᠱᠤᠨ ᠭᠤᠤᠯ ᠵᠡᠷᠭᠡ ᠪᠤᠷᠭᠠᠰᠤ ᠡᠯᠪᠡᠭ ᠲᠠᠢ ᠭᠠᠵᠠᠷ ᠤᠨ ᠬᠢᠨ ᠤᠯᠠᠨ ᠭᠡᠷᠡᠭᠯᠡᠳᠡᠭ᠃ ᠲᠡᠷᠡ ᠨᠢ ᠪᠠᠷᠤᠭ ᠶᠠᠮᠠᠷ ᠴᠤ ᠵᠠᠷᠤᠳᠠᠯ ᠭᠠᠷᠭᠠᠬᠤ ᠦᠭᠡᠢ᠂ ᠬᠢᠮᠳᠠ ᠬᠢᠯᠪᠡᠷ ᠢᠶᠠᠷ ᠦᠪᠡᠷ ᠤᠨ ᠰᠠᠭᠤᠬᠤ ᠠᠰᠠᠭᠤᠳᠠᠯ ᠢᠶᠠᠨ ᠰᠢᠢᠳᠪᠤᠷᠢᠯᠡᠵᠤ᠂ ᠵᠠᠷᠢᠮ ᠠᠶᠢᠯ ᠮᠠᠯ ᠤᠨ ᠲᠤᠯᠠᠭᠠᠨ ᠭᠡᠷ ᠬᠢᠭᠰᠡᠨ ᠪᠠᠶᠢᠳᠠᠭ᠃          6. ᠪᠠᠶᠢᠰᠢᠩ          ᠪᠠᠶᠢᠰᠢᠩ ᠢ ᠮᠦᠨ ᠪᠥᠮᠪᠤᠭᠡᠨ ᠭᠡᠷ ᠬᠢᠬᠦ ᠠᠷᠭ᠎ᠠ ᠪᠠᠷ ᠦᠪᠡᠷ ᠢᠶᠠᠨ ᠬᠢᠵᠤ ᠪᠤᠯᠳᠠᠭ᠃ ᠪᠠᠶᠢᠰᠢᠩ ᠤᠨ ᠨᠢᠷᠤᠭᠤ ᠬᠢᠬᠦ ᠪᠥᠳᠥᠬᠦᠨ ᠮᠤᠳᠤ ᠦᠭᠡᠢ ᠪᠤᠯ ᠪᠥᠳᠥᠬᠦᠨ ᠪᠤᠷᠭᠠᠰᠤ ᠶᠢ ᠤᠯᠠᠨ ᠢᠶᠠᠷ ᠪᠤᠭᠤᠵᠤ ᠤᠶᠠᠭᠠᠳ ᠨᠢᠷᠤᠭᠤ ᠪᠤᠶᠤ ᠪᠠᠭᠠᠨ᠎ᠠ ᠪᠤᠯᠭᠠᠵᠤ ᠪᠤᠯᠳᠠᠭ᠃ ᠢᠡᠭᠬᠢᠵᠤ ᠬᠢᠬᠦ ᠨᠢ ᠵᠠᠷᠤᠳᠠᠯ ᠢ ᠠᠷᠪᠢᠯᠠᠨ᠂ ᠤᠷᠤᠨ ᠰᠠᠭᠤᠴᠠ ᠶᠢᠨ ᠬᠠᠨᠭ᠍ᠭᠠᠯᠭ᠎ᠠ ᠶᠢ ᠪᠠᠳᠤᠯᠠᠵᠤ ᠴᠢᠳᠠᠳᠠᠭ᠃                   ᠪᠥᠮᠪᠤᠭᠡᠨ ᠭᠡᠷ ᠪᠡ ᠪᠤᠷᠭᠠᠰᠤᠨ ᠪᠠᠶᠢᠰᠢᠩ ᠨᠢ ᠰᠠᠭᠤᠷᠢᠰᠢᠮᠡᠯ ᠠᠵᠤ ᠠᠮᠢᠳᠤᠷᠠᠯ ᠤᠨ ᠤᠷᠤᠨ ᠰᠠᠭᠤᠴᠠ ᠶᠤᠮ᠃ ᠪᠠᠷᠭᠤᠴᠤᠳ ᠡᠬᠢᠯᠡᠭᠡᠳ ᠪᠥᠮᠪᠤᠭᠡᠨ ᠭᠡᠷ ᠲᠠᠢ ᠪᠤᠯᠵᠤ᠂ ᠲᠡᠭᠡᠭᠡᠳ ᠪᠤᠷᠭᠠᠰᠤᠨ ᠪᠠᠶᠢᠰᠢᠩ — ᠲᠤᠭᠤᠰᠬᠠᠨ ᠪᠠᠶᠢᠰᠢᠩ ᠳᠤ ᠢᠳᠡᠭ ᠢᠳᠡᠭ ᠢᠶᠠᠷ ᠠᠭᠠᠵᠢᠮ ᠢᠶᠠᠷ ᠰᠢᠯᠵᠢᠵᠤ ᠪᠢᠯᠡ᠃ ᠰᠡᠬᠦᠯ ᠤᠨ ᠦᠶ᠎ᠠ ᠳᠤ ᠬᠦᠮᠤᠨ ᠠᠮᠠ ᠶᠢ ᠨᠡᠬᠦᠯᠭᠡᠨ ᠰᠢᠯᠵᠢᠬᠦᠯᠵᠤ ᠲᠥᠪᠯᠡᠷᠡᠬᠦᠯᠥᠭᠰᠡᠨ ᠠᠴᠠ ᠰᠠᠭᠤᠷᠢᠰᠢᠯ ᠤᠨ ᠠᠯᠬᠤᠮ ᠲᠥᠷᠭᠡᠰᠴᠤ᠂ ᠪᠠᠶᠢᠰᠢᠩ ᠤᠨ ᠪᠥᠳᠥᠭᠡᠨ ᠪᠠᠶᠢᠭᠤᠯᠤᠯᠳᠠ ᠰᠢᠪᠳᠤᠯᠤᠯᠳᠠ ᠪᠠᠨ ᠤᠯᠵᠤ᠂ ᠠᠶᠢᠯ ᠡᠷᠥᠭᠡ ᠪᠥᠬᠦᠨ ᠪᠠᠶᠢᠰᠢᠩ ᠲᠠᠢ ᠪᠤᠯᠵᠠᠢ᠃          ︵ᠬᠤᠶᠠᠷ︶ ᠮᠤᠩᠭᠤᠯ ᠭᠡᠷ ᠤᠨ ᠪᠥᠳᠥᠴᠡ ᠪᠡ ᠤᠷᠤᠨ ᠵᠠᠢ ᠶᠢᠨ ᠬᠤᠪᠢᠶᠠᠷᠢ          1. ᠮᠤᠩᠭᠤᠯ ᠭᠡᠷ ᠤᠨ ᠪᠥᠳᠥᠴᠡ          ᠮᠤᠩᠭᠤᠯ ᠭᠡᠷ ᠤᠨ ᠪᠥᠳᠥᠴᠡ ᠮᠠᠰᠢ ᠲᠥᠬᠦᠮ᠃ ᠮᠤᠩᠭᠤᠯ ᠭᠡᠷ ᠤᠨ ᠮᠤᠳᠤ᠂ ᠢᠰᠡᠭᠡᠢ ᠪᠥᠷᠢᠶᠡᠰᠤ᠂ ᠤᠭᠤᠰᠤᠷ ᠪᠥᠰᠡᠯᠡᠬᠦᠷ ᠵᠠᠷᠭᠡ ᠦᠡᠳᠤᠰᠤᠨ ᠭᠤᠷᠪᠡᠨ ᠭᠡᠰᠡᠭ ᠠᠴᠠ ᠪᠥᠳᠥᠨ᠎ᠠ᠃ ᠮᠤᠳᠤ᠂ ᠪᠥᠷᠢᠶᠡᠰᠤ᠂ ᠤᠭᠤᠰᠤᠷ ᠪᠥᠰᠡᠯᠡᠬᠦᠷ ᠤᠨ ᠤᠡᠴᠠᠯᠢᠭ ᠨᠢ ᠭᠡᠪᠡᠯ ᠡᠪᠭᠡᠮᠡᠯ ᠪᠥᠭᠡᠳ ᠲᠠᠯᠭᠡᠮᠡᠯ᠂ ᠬᠦᠡᠭᠭᠡᠨ ᠮᠦᠷᠳᠡᠭᠡᠨ ᠴᠤᠮᠤᠷ᠂ ᠤᠭᠰᠠᠷᠠᠮᠠᠯ ᠬᠢᠭᠡᠳ ᠰᠠᠯᠭᠠᠮᠠᠯ᠂ ᠭᠡᠯᠬᠢᠶᠡᠵᠢᠭᠰᠡᠨ ᠪᠥᠭᠡᠳ ᠲᠥᠬᠦᠷᠵᠢᠭᠰᠡᠨ ᠪᠠᠶᠢᠳᠠᠭ᠃          ︵1︶ ᠭᠡᠷ ᠤᠨ ᠮᠤᠳᠤ          ᠭᠡᠷ ᠤᠨ ᠮᠤᠳᠤ ᠨᠢ ᠲᠤᠭᠤᠨᠤ ︵ᠭᠤᠤᠯ ᠮᠤᠳᠤ᠂ ᠲᠠᠭ᠎ᠠ᠂ ᠬᠥᠴᠢᠷ᠎ᠠ᠂ ᠬᠤᠷᠤᠭᠤ᠂ ᠭᠡᠯᠬᠢᠶ᠎ᠠ︶᠂ ᠤᠨᠢ ︵ᠤᠨᠢ᠂ ᠭᠡᠯᠬᠢᠶ᠎ᠠ᠂ ᠰᠠᠭᠠᠯᠳᠤᠷᠭ᠎ᠠ᠂ ᠤᠨᠢ ᠶᠢᠨ    ᠪᠤᠭᠤᠯᠳᠠ︶᠂ ᠬᠠᠨ᠎ᠠ᠂ ᠮᠤᠳᠤᠨ ᠬᠠᠭᠠᠯᠭ᠎ᠠ ᠵᠠᠷᠭᠡ ᠠᠴᠠ ᠪᠥᠳᠥᠨ᠎ᠠ᠃          ︵2︶ ᠪᠥᠰᠡᠯᠡᠬᠦᠷ᠂ ᠤᠭᠤᠰᠤᠷ᠂ ᠵᠡᠭᠡᠭ          ᠪᠥᠰᠡᠯᠡᠬᠦᠷ ᠲᠥᠷᠪᠡ᠂ ᠲᠤᠭᠤᠨᠤ ᠶᠢᠨ ᠭᠡᠯᠬᠢᠶ᠎ᠠ᠂ ᠤᠨᠢ ᠶᠢᠨ ᠪᠤᠭᠤᠯᠳᠠ᠂ ᠬᠠᠨ᠎ᠠ ᠶᠢᠨ ᠠᠮᠠ ᠶᠢᠨ ᠪᠤᠭᠤᠯᠳᠠ᠂ ᠤᠨᠢ ᠶᠢᠨ ᠰᠠᠭᠠᠯᠳᠤᠷᠭ᠎ᠠ᠂ ᠡᠷᠥᠭᠡ ᠶᠢᠨ ᠤᠭᠤᠰᠤᠷ᠂ ᠡᠯ᠎ᠠ ᠭᠡᠰᠡᠭ ᠤᠨ ᠵᠡᠭᠡᠭ᠂ ᠬᠠᠶᠠᠭᠠᠪᠴᠢ ᠶᠢᠨ ᠪᠥᠴᠠ᠂ ᠴᠢᠭᠳᠠᠭ᠎ᠠ ᠵᠡᠷᠭᠡ ᠲᠠᠯ᠂ ᠬᠢᠯᠭᠠᠰᠤ᠂ ᠲᠡᠮᠡᠭᠡᠨ ᠤ ᠨᠤᠤᠰᠤᠨ ᠪᠥᠳᠥᠭᠡᠭᠳᠡᠬᠦᠨ ᠪᠠᠶᠢᠳᠠᠭ᠃          ︵3︶ ᠮᠤᠩᠭᠤᠯ ᠭᠡᠷ ᠤᠨ ᠪᠥᠷᠢᠶᠡᠰᠤ          ᠮᠤᠩᠭᠤᠯ ᠭᠡᠷ ᠨᠢ ᠪᠥᠬᠦᠯᠢ ᠢᠰᠡᠭᠡᠢ ᠪᠥᠷᠢᠶᠡᠰᠤ ᠲᠠᠢ ᠪᠠᠶᠢᠳᠠᠭ᠃ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ ᠭᠡᠷ ᠪᠥᠷᠢᠬᠦ ᠳᠤ 13 ~ 15 ᠢᠰᠡᠭᠡᠢ ᠤᠷᠤᠨ᠎ᠠ᠃ ᠮᠤᠩᠭᠤᠯ ᠭᠡᠷ ᠲᠤ ᠡᠷᠥᠭᠡ ᠨᠢᠭᠡ᠂ ᠲᠡᠭᠡᠪᠤᠷ ᠬᠤᠶᠠᠷ᠂ ᠴᠠᠪᠠᠭ ᠬᠤᠶᠠᠷ᠂ ᠲᠤᠭᠤᠷᠭ᠎ᠠ ᠲᠥᠷᠪᠡ᠂ ᠢᠰᠡᠭᠡᠢ ᠡᠬᠦᠳᠡ ᠨᠢᠭᠡ᠂ ᠲᠤᠳᠤᠭᠤᠪᠴᠢ ᠨᠢᠭᠡ᠂ ᠬᠠᠶᠠᠭᠠᠪᠴᠢ 4 ᠪᠠᠶᠢᠳᠠᠭ᠃ ᠭᠡᠷ ᠪᠥᠷᠢᠬᠦ ᠳᠤ ᠢᠰᠡᠭᠡᠢ ᠪᠠᠨ ᠡᠰᠭᠡᠵᠤ ᠲᠠᠭᠠᠷᠠᠭᠤᠯᠬᠤ᠂ ᠤᠶᠤᠬᠤ᠂ ᠵᠡᠭᠡᠭᠯᠡᠬᠦ᠂ ᠤᠭᠤᠰᠤᠷ ᠪᠥᠴᠠ ᠬᠠᠳᠠᠬᠤ ᠵᠠᠷᠭᠡ ᠶᠠᠪᠤᠴᠠ ᠶᠢ ᠲᠠᠮᠵᠢᠳᠠᠭ᠃          2. ᠮᠤᠩᠭᠤᠯ ᠭᠡᠷ ᠤᠨ ᠤᠷᠤᠨ ᠵᠠᠢ ᠶᠢᠨ ᠬᠤᠪᠢᠶᠠᠷᠢ          ᠪᠠᠷᠭᠤᠴᠤᠳ ᠮᠤᠩᠭᠤᠯ ᠭᠡᠷ ᠤᠨ ᠲᠤᠳᠤᠷᠠᠬᠢ ᠤᠷᠤᠨ ᠵᠠᠢ ᠶᠢ ᠨᠠᠯᠢᠶᠡᠳ ᠲᠤᠳᠤᠷᠬᠠᠢ ᠬᠤᠪᠢᠶᠠᠷᠢᠯᠠᠳᠠᠭ ᠵᠠᠩᠰᠢᠯ ᠲᠠᠢ᠃ ᠡᠬᠦᠨ ᠳᠤ ᠲᠤᠮᠳᠠ ᠨᠢ ᠭᠠᠯ    ᠲᠤᠯᠭ᠎ᠠ ︵ᠵᠤᠤᠬ᠎ᠠ︶᠂ ᠠᠮᠠᠰᠠᠷ ᠢ ᠨᠢ ᠪᠠᠭ᠋ᠠᠨ ᠵᠡᠬᠦᠨ ᠡᠮᠤᠨᠡᠰᠢ᠂ ᠪᠡᠶ᠎ᠠ ᠶᠢ ᠨᠢ ᠵᠢᠭᠠᠬᠠᠨ ᠪᠠᠷᠠᠭᠤᠨ ᠬᠤᠶᠢᠰᠢ ᠨᠠᠯᠠᠤ ᠰᠠᠭᠤᠯᠭᠠᠪᠡᠯ ᠠᠶᠢᠯ ᠡᠷᠥᠭᠡ ᠪᠠᠷ ᠢᠶᠠᠨ ᠦᠭᠡᠳᠡᠯᠡᠵᠤ ᠪᠠᠶᠠᠵᠢᠨ᠎ᠠ ᠭᠡᠳᠡᠭ᠃ ᠬᠤᠶᠢᠮᠤᠷ ᠲᠤ ᠨᠠᠰᠤᠳᠡᠨ ᠤ ᠰᠠᠭᠤᠵᠤ ᠤᠡᠳᠠᠬᠤ ᠤᠷᠤ︔ ᠪᠠᠷᠠᠭᠤᠨ ᠲᠠᠯ᠎ᠠ ᠳᠤ ᠠᠶᠢᠯᠴᠢᠨ ᠵᠤᠴᠢᠨ ᠤ ᠰᠠᠭᠤᠵᠤ ᠤᠡᠳᠠᠬᠤ ᠤᠷᠤ︔ ᠵᠡᠬᠦᠨ ᠲᠠᠯ᠎ᠠ ᠳᠤ ᠬᠦᠤ ᠪᠠᠷᠢᠶᠠᠳ᠂ ᠭᠡᠤᠭᠡᠳ ᠤᠨ ᠰᠠᠭᠤᠵᠤ ᠤᠡᠳᠠᠬᠤ ᠤᠷᠤ︔ ᠪᠠᠷᠠᠭᠤᠨ ᠬᠤᠶᠢᠨ᠎ᠠ ᠤᠡᠭᠭᠤ᠂ ᠪᠤᠷᠬᠠᠨ ᠰᠢᠳᠥᠭᠡᠨ ᠤ ᠠᠪᠳᠠᠷ᠎ᠠ ᠬᠦᠡᠭᠭᠠᠷᠠᠪᠡ︔ ᠵᠡᠬᠦᠨ ᠬᠤᠶᠢᠨ᠎ᠠ ᠨᠢᠯᠬ᠎ᠠ ᠭᠡᠤᠭᠡᠳ ᠤᠨ ᠦᠯᠦᠭᠡᠢ ᠪᠤᠶᠤ ᠬᠤᠪᠴᠠᠰᠤ ᠬᠤᠨᠠᠷ ᠤᠨ ᠠᠪᠳᠠᠷ᠎ᠠ ᠬᠤᠷᠭᠤ︔ ᠬᠤᠶᠢᠮᠤᠷ ᠲᠠᠬᠢ ᠨᠠᠰᠤᠳᠡᠨ ᠤ ᠤᠷᠤ ᠶᠢᠨ    ᠡᠮᠤᠨ᠎ᠠ ᠠᠳᠠᠰᠬ᠎ᠠ ᠲᠠᠯᠪᠢᠳᠠᠭ᠃ ᠪᠠᠷᠠᠭᠤᠨ ᠡᠮᠤᠨ᠎ᠠ ᠨᠢ ᠡᠪᠤᠯ ᠬᠠᠪᠤᠷ ᠲᠤ ᠪᠠᠨ ᠶᠠᠳᠠᠷ ᠲᠤᠷᠤᠢ ᠬᠤᠷᠠᠭ᠎ᠠ ᠢᠰᠢᠭᠡ᠂ ᠲᠤᠭᠤᠯ ᠢ ᠤᠷᠤᠭᠤᠯᠵᠤ ᠤᠶᠠᠬᠤ᠂    ᠵᠤᠨ ᠳᠤ ᠪᠠᠨ ᠠᠶᠢᠷᠠᠭ ᠤᠨ ᠰᠠᠭᠤᠯᠠᠭ᠎ᠠ ᠵᠠᠷᠭᠡ ᠶᠢ ᠲᠠᠯᠪᠢᠬᠤ︔ ᠵᠡᠬᠦᠨ ᠡᠮᠤᠨ᠎ᠠ ᠠᠶᠠᠭᠠᠨ ᠤ ᠬᠤᠷᠭᠤ ︵ᠪᠠᠷᠭᠤᠴᠤᠳ ᠠᠶᠠᠭᠠᠨ ᠤ ᠱᠠᠳᠤ᠂ ᠠᠶᠠᠭᠠᠨ ᠤ ᠲᠠᠭ ᠭᠡᠳᠡᠭ︶᠎ ᠢ ᠪᠠᠶᠢᠷᠢᠯᠠᠭᠤᠯᠵᠤ ᠲᠠᠯᠪᠢᠳᠠᠭ᠃          ᠬᠤᠶᠠᠷ᠂ ᠮᠤᠩᠭᠤᠯ ᠭᠡᠷ ᠢ ᠠᠴᠢᠵᠤ ᠪᠠᠷᠢᠬᠤ ᠶᠤᠰᠤ ᠵᠠᠩᠰᠢᠯ          ᠪᠠᠷᠭᠤᠴᠤᠳ ᠢ ︽ᠡᠪᠭᠡᠮᠡᠯ ᠭᠡᠷ ᠲᠠᠢ᠂ ᠲᠠᠭᠤᠮᠠᠯ ᠬᠦᠷᠥᠩᠭᠡ ᠲᠠᠢ︾ ᠨᠡᠬᠦᠳᠡᠯᠴᠢᠨ ᠶᠤᠮ᠃                   ᠮᠤᠩᠭᠤᠯ ᠭᠡᠷ ᠢ ᠪᠠᠭᠤᠯᠭᠠᠵᠤ ᠠᠴᠢᠬᠤ ᠪᠡ ᠪᠤᠰᠬᠠᠵᠤ ᠪᠠᠷᠢᠬᠤ ᠳᠤ ᠲᠤᠭᠳᠠᠭᠰᠠᠨ ᠲᠡᠰ ᠲᠠᠷᠠᠭᠠᠯᠠᠯ ᠪᠡ ᠵᠢᠮ᠎ᠠ ᠶᠤᠰᠤ ᠲᠠᠢ ᠪᠠᠶᠢᠳᠠᠭ᠃          ︵ᠨᠢᠭᠡ︶ ᠮᠤᠩᠭᠤᠯ ᠭᠡᠷ ᠢ ᠪᠠᠭᠤᠯᠭᠠᠵᠤ ᠠᠴᠢᠬᠤ ᠶᠤᠰᠤ ᠵᠠᠩᠰᠢᠯ                   ᠮᠤᠩᠭᠤᠯ ᠭᠡᠷ ᠢᠶᠠᠨ ᠠᠴᠢᠬᠤ ᠳᠠᠭᠠᠨ ᠭᠡᠷ ᠤᠨ ᠰᠠᠭᠤᠷᠢᠨ ᠳᠤ ᠭᠠᠯ ᠴᠤᠭ᠂ ᠨᠤᠷᠮ᠎ᠠ ᠦᠯᠡᠳᠡᠭᠡᠵᠤ ᠤᠷᠬᠢᠳᠠᠭ ᠦᠭᠡᠢ᠃ ᠭᠠᠯ ᠢ ᠰᠠᠷᠭᠡᠶᠢᠯᠡᠵᠤ᠂ ᠭᠠᠯ ᠤᠨ ᠠᠶᠤᠯ ᠲᠦᠢᠮᠠᠷ ᠭᠠᠷᠬᠤ ᠠᠴᠠ ᠬᠢᠴᠢᠶᠡᠨ ᠰᠠᠷᠠᠮᠵᠢᠯᠡᠳᠡᠭ ᠨᠢ ᠨᠡᠬᠦᠳᠡᠯᠴᠢᠨ ᠪᠠᠷᠭᠤ ᠲᠦᠮᠡᠨ ᠤ ᠡᠷᠳᠡᠨ ᠠᠴᠠ ᠭᠡᠪᠰᠢᠭᠰᠡᠨ ᠵᠠᠩ ᠵᠠᠩᠰᠢᠯ ᠶᠤᠮ᠃          ᠮᠤᠩᠭᠤᠯ ᠭᠡᠷ ᠤᠨ ᠶᠡᠭᠡ ᠪᠠᠭ᠎ᠠ ᠪᠡ ᠲᠤᠭᠤᠨᠤ ᠶᠢᠨ ᠪᠥᠳᠥᠴᠡ ᠶᠠᠮᠠᠷ ᠪᠠᠶᠢᠭᠰᠠᠨ ᠴᠤ ᠪᠠᠭᠤᠯᠭᠠᠵᠤ ᠠᠴᠢᠬᠤ ᠳᠠᠭᠠᠨ ᠪᠥᠷ ᠨᠢᠭᠡᠨ ᠠᠳᠠᠯᠢ ᠪᠠᠷ ︽ᠲᠤᠳᠤᠷ᠎ᠠ ᠠᠴᠠ ᠭᠠᠳᠠᠭᠰᠢ︾᠂ ︽ᠲᠡᠭᠡᠷ᠎ᠠ ᠠᠴᠠ ᠲᠤᠷᠤᠭᠰᠢ ᠪᠠᠨ︾᠂ ︽ᠠᠷᠤ ᠠᠴᠠ ᠬᠤᠶᠢᠰᠢ ᠪᠠᠨ︾᠂ ︽ᠪᠠᠷᠠᠭᠤᠨ ᠠᠴᠠ ᠵᠡᠬᠦᠡᠰᠢ ᠪᠠᠨ︾ ᠭᠡᠬᠦ ᠲᠠᠰ ᠲᠠᠷᠠᠭᠠᠯᠠᠯ ᠢᠶᠠᠷ᠂ ᠨᠢᠭᠡ ᠨᠢᠭᠡ ᠠᠯᠬᠤᠮ ᠢᠶᠠᠷ ᠪᠠᠭᠤᠯᠭᠠᠵᠤ ᠠᠴᠢᠳᠠᠭ᠃          ᠮᠤᠩᠭᠤᠯ ᠭᠡᠷ ᠢ ᠠᠴᠢᠬᠤ ᠳᠤ᠂ ᠭᠡᠷ ᠲᠤᠳᠤᠷᠠᠬᠢ ᠡᠳ᠋ᠯᠡᠯ ᠭᠡᠷᠡᠭᠯᠡᠯ ᠢ ᠠᠴᠢᠬᠤ ᠲᠡᠷᠭᠡ᠂ ᠲᠤᠭᠤᠷ ︵ᠲᠡᠭᠡᠪᠤᠷ︶ ᠠᠴᠢᠬᠤ ᠲᠡᠷᠭᠡ᠂ ᠬᠠᠨ᠎ᠠ ︵ᠲᠤᠭᠤᠷᠭ᠎ᠠ︶ ᠠᠴᠢᠬᠤ ᠲᠡᠷᠭᠡ ᠵᠡᠷᠭᠡ ᠶᠢ ᠪᠥᠷ ᠪᠡᠯᠡᠭᠡᠨ ᠪᠤᠯᠭᠠᠵᠤ ᠵᠡᠭᠡᠭᠡᠳ ᠤᠷᠢᠳ ᠢᠶᠠᠷ ᠭᠡᠷ ᠲᠤᠳᠤᠷᠠᠬᠢ ᠶᠠᠭᠤᠮ᠎ᠠ ᠶᠢ ᠪᠥᠬᠦᠨ ᠢ ᠵᠦᠭᠡᠭᠡᠨ ᠭᠠᠷᠭᠠᠵᠤ ᠠᠴᠢᠨ᠎ᠠ           ᠭᠡᠷ ᠲᠤᠳᠤᠷᠠᠬᠢ ᠶᠠᠭᠤᠮ᠎ᠠ ᠶᠢ ᠭᠠᠷᠭᠠᠵᠤ ᠪᠠᠷᠠᠭᠰᠠᠨ ᠤ ᠲᠠᠷᠠᠭ᠎ᠠ᠂ ᠭᠡᠷ ᠤᠨ ᠲᠡᠭᠡᠪᠤᠷ ᠤᠨ ᠤᠭᠤᠰᠤᠷ ᠢ ᠲᠠᠶᠢᠯᠵᠤ ᠲᠠᠯᠪᠢᠭᠠᠳ᠂ ᠭᠠᠳᠠᠨ᠎ᠠ ᠪᠥᠰᠡᠯᠡᠬᠦᠷ ᠢ ᠲᠠᠶᠢᠯᠵᠤ ᠡᠪᠭᠡᠨ ᠬᠤᠷᠢᠶᠠᠨ᠎ᠠ᠃ ᠬᠠᠶᠠᠭᠠᠪᠴᠢ ᠶᠢ ᠬᠤᠶᠢᠯᠠᠵᠤ ᠠᠪᠤᠨ᠎ᠠ᠃ ︽ᠲᠡᠭᠡᠷ᠎ᠠ ᠠᠴᠠ ᠲᠤᠷᠤᠭᠰᠢ ᠪᠠᠨ︾᠂ ︽ᠠᠷᠤ ᠠᠴᠠ ᠡᠮᠥᠨᠡᠰᠢ ᠪᠠᠨ︾ ᠶᠤᠰᠤ ᠪᠠᠷ ᠡᠷᠥᠭᠡ ᠪᠠᠨ ᠠᠪᠴᠤ ᠬᠤᠰᠢᠭᠤᠯᠳᠠᠨ ᠡᠪᠭᠡᠭᠡᠳ ᠲᠤᠭᠤᠨᠤ ᠠᠴᠢᠬᠤ ᠲᠡᠷᠭᠡᠨ ᠲᠡᠭᠡᠷ᠎ᠠ ᠲᠤᠭᠤᠨᠤ ᠶᠢᠨ ᠵᠢᠬᠢᠷᠢᠭ ᠪᠤᠯᠭᠠᠵᠤ ᠠᠴᠢᠨ᠎ᠠ᠃ ᠠᠷᠤ ᠶᠢᠨ ᠲᠡᠭᠡᠪᠤᠷ ᠢ ᠠᠪᠴᠤ ᠭᠤᠯᠳᠤ ᠪᠠᠷ ᠨᠢ ᠢᠷᠮᠡᠭᠯᠡᠨ ᠡᠪᠭᠡᠭᠡᠳ ᠡᠷᠥᠭᠡ ᠶᠢᠨ ᠢᠰᠡᠭᠡᠢ ᠶᠢ ᠲᠠᠷᠤᠵᠤ᠂ ᠲᠡᠷᠭᠡ ᠶᠢᠨ ᠠᠷᠠᠯ ᠲᠠᠭᠠᠬᠤ ᠵᠦᠭᠯᠡᠯ ᠢᠶᠠᠷ ᠲᠠᠪᠢᠰᠭᠡᠷᠯᠨᠨ ᠠᠴᠢᠨ᠎ᠠ ᠃ ᠡᠮᠤᠨ᠎ᠡ ᠲᠡᠭᠡᠪᠤᠷ ᠢᠶᠠᠨ ᠠᠪᠴᠤ ᠮᠦᠨ ᠠᠳᠠᠯᠢ ᠡᠪᠭᠡᠭᠡᠳ ᠠᠷᠤ ᠲᠡᠭᠡᠪᠤᠷ ᠢᠶᠠᠨ ᠲᠠᠷᠤᠵᠤ᠂ ᠠᠷᠠᠯ ᠤᠨ ᠤᠵᠤᠭᠤᠷ ᠴᠢᠭᠯᠡᠯ ᠳᠤ ᠬᠠᠨᠳᠤᠭᠤᠯᠤᠨ ᠲᠠᠪᠢᠰᠭᠡᠷᠯᠡᠵᠤ ᠲᠤᠭᠤᠨᠤ ᠶᠢᠨ ᠵᠢᠬᠢᠷᠢᠭ ᠪᠤᠯᠭᠠᠬᠤ ᠪᠠᠷ ᠪᠡᠯᠡᠳᠭᠡᠨ᠎ᠠ᠃ ᠪᠠᠷᠠᠭᠤᠨ ᠬᠤᠶᠢᠳᠤ ᠲᠠᠯ᠎ᠠ ᠶᠢᠨ ᠲᠤᠭᠤᠷᠭ᠎ᠠ᠂ ᠵᠡᠬᠦᠨ ᠬᠤᠶᠢᠳᠤ ᠲᠠᠯ᠎ᠠ ᠶᠢᠨ ᠲᠤᠭᠤᠷᠭ᠎ᠠ᠂ ᠪᠠᠷᠠᠭᠤᠨ ᠡᠮᠤᠨᠡᠬᠢ ᠲᠤᠭᠤᠷᠭ᠎ᠠ᠂ ᠵᠡᠬᠦᠨ ᠡᠮᠥᠨᠡᠬᠢ ᠲᠤᠭᠤᠷᠭ᠎ᠠ ᠶᠢᠨ ᠲᠠᠷᠠᠭᠠᠯᠠᠯ ᠢᠶᠠᠷ ᠲᠥᠷᠪᠡᠨ ᠲᠤᠭᠤᠷᠭ᠎ᠠ ᠪᠠᠨ ᠪᠠᠭᠤᠯᠭᠠᠨ ᠠᠪᠴᠤ ᠡᠪᠭᠡᠭᠡᠳ ᠬᠠᠨ᠎ᠠ ᠠᠴᠢᠬᠤ ᠲᠡᠷᠭᠡᠨ ᠲᠡᠭᠡᠷ᠎ᠠ ᠲᠥᠷᠪᠡᠯᠵᠢᠯᠡᠬᠦᠯᠦᠨ ᠡᠪᠭᠡᠵᠤ᠂ ᠡᠬᠦᠳᠡ ᠬᠠᠭᠠᠯᠭ᠎ᠠ ᠪᠠᠷ ᠲᠠᠷᠤᠵᠤ ᠠᠴᠢᠨ᠎ᠠ᠃ ᠪᠥᠰᠡᠯᠡᠬᠦᠷ᠂ ᠬᠠᠶᠠᠭᠠᠪᠴᠢ ᠵᠠᠷᠭᠡ ᠶᠢ ᠡᠬᠦᠳᠡ ᠬᠠᠭᠠᠯᠭ᠎ᠠ ᠶᠢᠨ ᠦᠡᠴᠥᠭ ᠢᠷᠮᠡᠭ ᠢᠶᠠᠷ ᠢᠪᠡᠵᠤ᠂ ᠬᠦᠮᠤᠷᠢᠨ ᠠᠴᠢᠬᠤ ᠬᠠᠨ᠎ᠠ ᠶᠢᠨ ᠲᠤᠤᠷ᠎ᠠ ᠨᠢ ᠡᠪᠯᠢᠭ ᠵᠢᠬᠢᠷᠢᠭᠯᠡᠨ ᠠᠴᠢᠨ᠎ᠠ᠃ ᠭᠡᠷ ᠤᠨ ᠬᠠᠨ᠎ᠠ ᠶᠢ ᠪᠠᠷᠠᠭᠤᠨ ᠡᠮᠤᠨ᠎ᠠ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠤᠨ᠎ᠠ ᠲᠠᠷᠠᠭᠠᠯᠠᠯ ᠢᠶᠠᠷ ᠡᠪᠭᠡᠨ ᠠᠪᠴᠤ᠂ ᠮᠦᠨ ᠲᠠᠷᠠᠭᠠᠯᠠᠯ ᠢᠶᠠᠷ ᠠᠴᠢᠨ᠎ᠠ᠃ ᠭᠡᠯᠬᠢᠶ᠎ᠠ ᠲᠤᠭᠤᠨᠤ ᠶᠢᠨ ᠤᠨᠢ ᠶᠢ ᠲᠠᠭ᠎ᠠ ᠪᠠᠷ ᠨᠢ ᠠᠩᠬᠢᠯᠠᠨ ᠵᠢᠷᠭᠤᠭᠠᠨ ᠭᠡᠰᠡᠭ ᠲᠤ ᠬᠤᠪᠢᠶᠠᠵᠤ᠂ ᠤᠨᠢ ᠶᠢᠨ ᠰᠡᠬᠦᠯ ᠠᠴᠠ ᠲᠡᠭᠡᠭᠰᠢ ᠨᠢᠭᠡ ᠲᠤᠬᠤᠢ ᠤᠷᠴᠢᠮ ᠳᠤ ᠪᠤᠭᠤᠵᠤ ᠲᠠᠯᠪᠢᠨ᠎ᠠ᠃ ᠲᠤᠭᠤᠨᠤ ᠠᠴᠢᠬᠤ ᠲᠡᠷᠭᠡ ᠪᠠᠨ ᠭᠡᠷ ᠤᠨ ᠰᠠᠭᠤᠷᠢ ᠶᠢᠨ ᠪᠠᠷᠠᠭᠤᠨ ᠬᠤᠶᠢᠨ᠎ᠠ ᠠᠴᠠ ᠲᠥᠯᠬᠢᠨ ᠠᠪᠴᠢᠷᠠᠵᠤ ᠰᠤᠡᠳᠤᠭᠤᠢᠢᠳᠠᠬᠤ ᠶᠢᠨ ᠵᠡᠷᠭᠡ ᠲᠤᠭᠤᠨᠤ ᠶᠢᠨ ᠤᠵᠤᠭᠤᠷ ᠢ ᠬᠤᠮᠢᠵᠤ ᠲᠡᠷᠭᠡᠨ ᠵᠦᠭ ᠠᠶᠠᠷᠬᠠᠨ ᠲᠥᠯᠬᠢᠵᠤ ᠠᠴᠢᠬᠤ ᠪᠥᠭᠡᠳ ᠰᠤᠡᠳᠤᠭᠤᠢᠢᠳᠠᠭᠰᠠᠨ ᠲᠡᠷᠭᠡ ᠪᠠᠨ ᠲᠠᠷᠤᠵᠤ ᠡᠭᠴᠡᠯᠡᠨ᠂ ᠲᠤᠭᠤᠨᠤ ᠪᠠᠨ ᠲᠠᠷᠤᠵᠤ᠂ ᠠᠴᠢᠶ᠎ᠠ ᠪᠠᠨ ᠲᠡᠭᠰᠢᠯᠡᠨ᠎ᠠ᠃ ᠲᠤᠭᠤᠨᠤ ᠶᠢᠨ ᠲᠠᠭ᠎ᠠ ᠪᠠᠷ ᠬᠤᠶᠠᠷ ᠪᠠᠭᠠᠨ᠎ᠠ ᠪᠠᠨ ᠬᠠᠳᠬᠤᠵᠤ ᠤᠷᠤᠭᠤᠯᠤᠭᠠᠳ᠂ ᠲᠤᠭᠤᠨᠤ ᠶᠢᠨ ᠤᠵᠤᠭᠤᠷ ᠤᠨᠢ ᠶᠢᠨ ᠰᠡᠬᠦᠯ ᠢ ᠭᠤᠭᠴᠤᠭᠠᠯᠠᠨ ᠲᠠᠷᠤᠵᠤ ᠤᠶᠠᠭᠰᠠᠨ ᠰᠤᠷ ᠲᠠᠳᠠᠯᠭ᠎ᠠ ᠶᠢᠨ ᠦᠵᠤᠬᠦᠷ ᠢᠶᠠᠷ ᠡᠭᠡᠯᠳᠥᠷᠭᠡᠯᠡᠨ ᠴᠢᠩᠭ᠎ᠠ ᠲᠠᠳᠠᠵᠤ ᠤᠶᠠᠨ᠎ᠠ᠃          ︵ᠬᠤᠶᠠᠷ︶ ᠮᠤᠩᠭᠤᠯ ᠭᠡᠷ ᠢ ᠪᠠᠷᠢᠵᠤ ᠪᠤᠰᠬᠠᠬᠤ ᠶᠤᠰᠤ ᠵᠠᠩᠰᠢᠯ          ᠮᠤᠩᠭᠤᠯ ᠭᠡᠷ ᠢ ᠪᠠᠷᠢᠵᠤ ᠪᠤᠰᠬᠠᠬᠤ ᠲᠡᠰ ᠲᠡᠷᠠᠭᠠᠯᠠᠯ ᠪᠡ ᠠᠷᠭ᠎ᠠ ᠭᠡᠯᠪᠡᠷᠢ ᠨᠢ ᠮᠤᠩᠭᠤᠯ ᠭᠡᠷ ᠢ ᠪᠠᠭᠤᠯᠭᠠᠵᠤ ᠠᠴᠢᠬᠤ ᠲᠠᠢ ᠶᠡᠭᠡ ᠲᠦᠯᠦᠪ ᠡᠰᠡᠷᠬᠦ ᠪᠠᠶᠢᠳᠠᠭ᠃          ᠮᠤᠩᠭᠤᠯ ᠭᠡᠷ ᠤᠨ ᠡᠬᠦᠳᠡ ᠶᠢ ᠠᠰ ᠡᠮᠥᠨᠡᠰᠢ ᠬᠠᠨᠳᠤᠭᠤᠯᠳᠠᠭ ᠦᠭᠡᠢ᠂ ᠠᠭᠤᠯᠠ ᠤᠪᠤᠭᠠᠨ ᠤ ᠡᠰᠡᠷᠬᠦ ᠴᠢᠭᠯᠡᠬᠦᠯᠳᠡᠭ ᠦᠭᠡᠢ᠂ ᠠᠭᠤᠯᠠ ᠤᠪᠤᠭᠠᠨ ᠤ ᠪᠠᠷᠠᠭᠤᠨ ᠪᠡᠶ᠎ᠠ ᠪᠤᠶᠤ ᠵᠡᠬᠦᠨ ᠬᠠᠵᠠᠭᠤ ᠪᠠᠷ ᠴᠢᠭᠯᠡᠬᠦᠯᠦᠨ ᠡᠬᠦᠳᠡ ᠪᠠᠨ ᠲᠠᠭᠠᠷᠠᠭᠤᠯᠳᠠᠭ ᠵᠠᠩᠰᠢᠯ ᠲᠠᠢ ᠪᠠᠶᠢᠳᠠᠭ᠃          ᠲᠤᠭᠤᠨᠤ ᠶᠢᠨ ᠲᠡᠷᠭᠡ ᠪᠠᠨ ᠪᠠᠷᠠᠭᠤᠨ ᠬᠤᠶᠢᠨ᠎ᠠ ᠠᠴᠠ ᠲᠦᠯᠬᠢᠨ ᠠᠪᠴᠢᠷᠠᠭᠠᠳ ᠭᠡᠷ ᠪᠠᠷᠢᠬᠤ ᠰᠠᠭᠤᠷᠢ ᠶᠢᠨ ᠱᠤᠰᠢᠭ ᠲᠠᠯᠪᠢᠭᠰᠠᠨ ᠭᠠᠵᠠᠷ ᠢ ᠭᠤᠤᠯᠯᠠᠭᠤᠯᠵᠤ ᠰᠤᠡᠳᠤᠭᠤᠢᠢᠳᠠᠨ ᠲᠤᠭᠤᠨᠤ ᠪᠠᠨ ᠲᠠᠳᠠᠵᠤ ᠪᠠᠭᠤᠯᠭᠠᠨ᠎ᠠ᠃ ᠤᠨᠢ ᠪᠤᠭᠤᠭᠰᠠᠨ ᠤᠶᠠᠭ᠎ᠠ ᠶᠢ ᠲᠠᠶᠢᠯᠵᠤ᠂ ᠤᠨᠢ ᠪᠠᠨ ᠭᠠᠳᠠᠭᠰᠢ ᠱᠥᠬᠦᠷᠯᠡᠨ ᠲᠡᠯᠭᠡᠵᠤ᠂ ᠲᠤᠭᠤᠨᠤ ᠪᠠᠨ ᠪᠤᠰᠬᠠᠨ᠎ᠠ᠃          ᠬᠠᠨ᠎ᠠ ᠪᠠᠨ ᠵᠡᠬᠦᠨ ᠡᠮᠤᠨ᠎ᠠ᠂ ᠵᠡᠬᠦᠨ ᠬᠤᠶᠢᠨ᠎ᠠ᠂ ᠪᠠᠷᠠᠭᠤᠨ ᠬᠤᠶᠢᠨ᠎ᠠ᠂ ᠪᠠᠷᠠᠭᠤᠨ ᠡᠮᠤᠨ᠎ᠠ ᠲᠠᠷᠠᠭᠠᠯᠠᠯ ᠢᠶᠠᠷ ᠠᠮᠠᠯᠠᠵᠤ᠂ ᠲᠥᠬᠦᠷᠢᠭᠯᠡᠬᠦᠯᠦᠨ ᠪᠤᠰᠬᠠᠨ᠎ᠠ᠃ ᠡᠬᠦᠳᠡ ᠬᠠᠭᠠᠯᠭ᠎ᠠ ᠪᠠᠨ ᠪᠤᠰᠬᠠᠵᠤ᠂ ᠵᠡᠬᠦᠨ ᠡᠮᠤᠨ᠎ᠠ ᠬᠠᠨ᠎ᠠ ᠶᠢᠨ ᠠᠮᠠ ᠪᠤᠯᠤᠨ ᠡᠬᠦᠳᠡᠨ ᠤ ᠪᠤᠱᠤᠭ᠎ᠠ ᠶᠢ ᠨᠡᠶᠢᠯᠡᠬᠦᠯᠵᠤ᠂ ᠲᠤᠳᠤᠭᠠᠳᠤ ᠪᠥᠰᠡᠯᠡᠬᠦᠷ ᠢᠶᠠᠷ ᠭᠤᠭᠴᠤᠭᠠᠯᠠᠨ ᠲᠠᠷᠤᠵᠤ ᠵᠡᠬᠦᠨ ᠠᠴᠠ ᠪᠠᠷᠠᠭᠤᠡᠰᠢ ᠪᠢᠳᠡᠬᠦᠤ ᠲᠥᠬᠦᠷᠢᠭᠯᠡᠬᠦᠯᠦᠨ ᠠᠪᠴᠢᠷᠠᠵᠤ᠂ ᠪᠠᠷᠠᠭᠤᠨ ᠡᠮᠤᠨ᠎ᠠ ᠬᠠᠨ᠎ᠠ ᠶᠢᠨ ᠠᠮᠠ ᠪᠤᠯᠤᠨ ᠡᠬᠦᠳᠡᠨ ᠪᠤᠱᠤᠭ᠎ᠠ ᠶᠢ ᠨᠠᠶᠢᠯᠡᠬᠦᠯᠦᠨ ᠪᠠᠷᠢᠵᠤ ᠪᠥᠰᠡᠯᠡᠬᠦᠷ ᠢᠶᠠᠨ ᠴᠢᠩᠭᠠᠯᠠᠨ ᠬᠠᠨ᠎ᠠ ᠶᠢᠨ ᠡᠷᠳᠡ ᠶᠢ ᠤᠯᠭᠤᠵᠤ᠂ ᠪᠥᠰᠡᠯᠡᠬᠦᠷ ᠤᠨ ᠴᠢᠩᠭ᠎ᠠ ᠰᠤᠯᠠ ᠶᠢ ᠲᠤᠭᠳᠠᠭᠠᠨ ᠭᠤᠭᠴᠤᠭᠠᠯᠠᠨ ᠲᠠᠷᠤᠵᠤ ᠤᠶᠠᠨ᠎ᠠ᠃                   ᠬᠤᠶᠠᠷ ᠪᠠᠭᠠᠨ᠎ᠠ ᠪᠠᠷ ᠲᠤᠭᠤᠨᠤ ᠪᠠᠨ ᠡᠷᠬᠦᠨ ᠲᠤᠯᠵᠤ᠂ ᠲᠠᠭ᠎ᠠ ᠪᠥᠷᠢ ᠠᠴᠠ ᠭᠡᠳᠤᠨ ᠤᠨᠢ ᠶᠢ ᠬᠠᠨ᠎ᠠ ᠶᠢᠨ ᠲᠤᠯᠤᠭᠠᠢ ᠳᠤ ᠰᠠᠭᠠᠯᠳᠤᠷᠭᠠᠯᠠᠨ ᠡᠯᠬᠦᠨ᠎ᠠ᠃ ᠭᠡᠷ ᠤᠨ ᠤᠨᠢ ᠶᠢ ᠨᠢᠭᠡ ᠯᠡ ᠲᠡᠯ᠎ᠠ ᠠᠴᠠ ᠡᠯᠬᠦᠵᠤ ᠪᠤᠯᠳᠠᠭ ᠦᠭᠡᠢ᠂ ᠡᠷᠭᠡᠪᠰᠢ ᠲᠠᠯ᠎ᠠ ᠪᠥᠷᠢ ᠠᠴᠠ ᠠᠯᠭᠠᠰᠠᠨ ᠡᠯᠬᠦᠵᠤ᠂ ᠭᠡᠷ ᠤᠨ ᠪᠠᠶᠢᠷᠢ ᠶᠢ ᠲᠤᠭᠳᠠᠭᠠᠳᠠᠭ᠃          ᠭᠡᠷ ᠤᠨ ᠮᠤᠳᠤ ᠶᠢ ᠪᠥᠬᠦᠯᠢ ᠪᠤᠰᠬᠠᠭᠰᠠᠨ ᠤ ᠰᠡᠬᠦᠯᠡᠷ᠂ ᠲᠤᠳᠤᠷ ᠪᠥᠰᠡᠯᠡᠬᠦᠷ᠂ ᠬᠠᠨ᠎ᠠ ᠶᠢᠨ ᠤᠶᠠᠭ᠎ᠠ ᠵᠡᠷᠭᠡ ᠶᠢ ᠲᠠᠬᠢᠨ ᠴᠢᠩᠭᠠᠯᠠᠵᠤ᠂ ᠭᠡᠷ ᠤᠨ ᠦᠡᠳᠤᠷ ᠪᠤᠭᠤᠨᠢ᠂ ᠬᠠᠵᠠᠭᠠᠷ ᠲᠡᠭᠰᠢ ᠶᠢ ᠨᠢ ᠵᠢᠰᠢᠬᠦᠯᠡᠨ ᠦᠵᠡᠵᠤ ᠵᠤᠬᠢᠴᠠᠭᠤᠯᠤᠨ᠎ᠠ᠃                   ᠵᠡᠬᠦᠨ ᠡᠮᠤᠨᠡᠬᠢ ᠲᠤᠭᠤᠷᠭ᠎ᠠ ᠪᠠᠨ ᠡᠯᠬᠦᠵᠤ᠂ ᠲᠠᠷᠠᠭ᠎ᠠ ᠨᠢ ᠪᠠᠷᠠᠭᠤᠨ ᠡᠮᠥᠨᠡᠬᠢ᠂ ᠲᠡᠭᠡᠭᠡᠳ ᠵᠡᠬᠦᠨ ᠬᠤᠶᠢᠨᠠᠬᠢ᠂ ᠬᠠᠮᠤᠭ ᠤᠨ ᠰᠡᠬᠦᠯ ᠳᠤ ᠪᠠᠷᠠᠭᠤᠨ ᠬᠤᠶᠢᠳᠥᠬᠢ ᠲᠤᠭᠤᠷᠭ᠎ᠠ ᠪᠠᠨ ᠡᠯᠬᠦᠬᠦ ᠪᠥᠭᠡᠳ ᠲᠤᠭᠤᠷᠭ᠎ᠠ ᠶᠢᠨ ᠤᠭᠤᠰᠤᠷ ᠢ ᠲᠠᠷᠤᠭᠤᠯᠤᠨ ᠤᠶᠠᠵᠤ᠂ ᠭᠠᠳᠠᠷ ᠪᠥᠰᠡᠯᠡᠬᠦᠷ ᠢ ᠵᠡᠬᠦᠨ ᠠᠴᠠ ᠪᠠᠷᠠᠭᠤᠡᠰᠢ ᠡᠷᠬᠢᠬᠦᠯᠦᠨ ᠲᠠᠳᠠᠨ᠎ᠠ᠃          ᠡᠮᠤᠨ᠎ᠠ ᠲᠡᠭᠡᠪᠤᠷ ᠢ ᠲᠠᠯᠪᠢᠵᠤ᠂ ᠲᠠᠷᠠᠭ᠎ᠠ ᠠᠷᠤ ᠲᠡᠭᠡᠪᠤᠷ ᠢᠶᠠᠨ ᠲᠠᠯᠪᠢᠭᠠᠳ᠂ ᠤᠭᠤᠰᠤᠷ ᠢ ᠨᠢ ᠰᠤᠯᠪᠢᠴᠠᠭᠤᠯᠤᠨ ᠲᠠᠷᠤᠵᠤ ᠤᠶᠠᠨ᠎ᠠ᠃ ᠵᠦᠷᠢᠬᠦᠯᠭᠡᠨ ᠪᠤᠶᠤ ᠲᠠᠩ ᠬᠤᠳᠠᠷᠭᠠᠨ ᠤᠭᠤᠰᠤᠷ ᠲᠠᠢ ᠪᠤᠯ ᠲᠡᠭᠡᠪᠤᠷ ᠤᠨ ᠲᠡᠭᠡᠬᠦᠷ ᠨᠢ ᠲᠠᠷᠤᠭᠤᠯᠤᠨ ᠬᠤᠳᠠᠷᠭᠠᠯᠠᠵᠤ ᠤᠶᠠᠨ᠎ᠠ᠃          ᠢᠰᠡᠭᠡᠢ ᠡᠷᠥᠭᠡ ᠪᠠᠨ ᠬᠤᠶᠢᠨ᠎ᠠ ᠠᠴᠠ ᠡᠮᠤᠨᠡᠰᠢ ᠪᠠᠭᠠᠨ᠎ᠠ ᠪᠠᠷ ᠲᠥᠯᠬᠢᠨ ᠡᠷᠬᠦᠵᠤ ᠲᠠᠯᠪᠢᠬᠤ ᠪᠥᠭᠡᠳ ᠡᠷᠥᠭᠡ ᠶᠢᠨ ᠬᠦᠡᠳᠡᠯᠡᠨ ᠢ ᠲᠤᠭᠤᠨᠤ ᠶᠢᠨ ᠭᠤᠤᠯ ᠳᠤ ᠲᠠᠭᠠᠷᠠᠭᠤᠯᠵᠤ ᠵᠡᠬᠦᠡᠰᠢ ᠪᠠᠷᠠᠭᠤᠡᠰᠢ ᠲᠠᠳᠠᠵᠤ ᠪᠥᠰᠡᠯᠡᠬᠦᠷ ᠠᠴᠠ ᠤᠶᠠᠬᠤ ᠪᠥᠭᠡᠳ ᠡᠷᠥᠭᠡ ᠶᠢᠨ ᠬᠤᠰᠢᠭᠤ ᠶᠢ ᠲᠤᠭᠤᠨᠤ ᠶᠢᠨ ᠭᠤᠤᠯ ᠳᠤ ᠦᠡᠴᠥᠭᠯᠡᠬᠦᠯᠦᠨ ᠲᠠᠭ᠎ᠠ ᠤᠨᠤᠭᠤᠯᠤᠨ ᠬᠤᠶᠢᠰᠢ ᠲᠠᠳᠠᠵᠤ᠂ ᠬᠤᠶᠢᠮᠤᠷ ᠤᠨ ᠬᠠᠨ᠎ᠠ ᠶᠢᠨ ᠠᠮᠠ ᠴᠢᠭᠯᠡᠬᠦᠯᠦᠨ ᠪᠥᠰᠡᠯᠡᠬᠦᠷ ᠠᠴᠠ ᠤᠶᠠᠨ᠎ᠠ᠃          ᠲᠥᠷᠪᠡᠨ ᠬᠠᠶᠠᠭᠠᠪᠴᠢ ᠶᠢ ᠮᠥᠨ ᠵᠡᠬᠦᠨ ᠡᠮᠤᠨ᠎ᠠ᠂ ᠵᠡᠬᠦᠨ ᠬᠤᠶᠢᠨ᠎ᠠ᠂ ᠪᠠᠷᠠᠭᠤᠨ ᠡᠮᠤᠨ᠎ᠠ᠂ ᠪᠠᠷᠠᠭᠤᠨ ᠬᠤᠶᠢᠨ᠎ᠠ ᠭᠡᠮᠡᠬᠦ ᠲᠠᠷᠠᠭᠠᠯᠠᠯ ᠢᠶᠠᠷ ᠨᠢᠭᠡᠨ ᠨᠢᠭᠡᠨ ᠢ ᠲᠠᠷᠤᠵᠤ ᠤᠭᠤᠰᠤᠷ ᠢᠶᠠᠷ ᠪᠠᠬᠢᠯᠡᠨ ᠤᠶᠠᠨ᠎ᠠ᠃                   ᠭᠡᠷ ᠲᠤᠳᠤᠷᠠᠬᠢ ᠠᠵᠢᠯ ᠭᠠᠯ ᠲᠤᠯᠭ᠎ᠠ ᠠᠴᠠ ᠡᠬᠢᠯᠡᠨ᠎ᠠ᠃ ᠭᠡᠷ ᠲᠤᠳᠤᠷᠠᠬᠢ ᠡᠳ᠋ ᠭᠡᠷᠡᠭᠰᠡᠯ ᠢ ᠤᠷᠤᠭᠤᠯᠵᠤ᠂ ᠤᠷᠤᠨ ᠪᠠᠶᠢᠷᠢ ᠶᠢ ᠨᠢ ᠤᠯᠭᠤᠵᠤ ᠲᠠᠯᠪᠢᠨ᠎ᠠ᠃          ᠭᠤᠷᠪᠡ᠂ ᠮᠤᠩᠭᠤᠯ ᠭᠡᠷ ᠤᠨ ᠶᠤᠰᠤ          ᠪᠠᠷᠭᠤᠴᠤᠳ ᠠᠯᠢ ᠡᠷᠳᠡ ᠲᠡᠭᠡᠳᠤ ᠠᠴᠠ ᠤᠯᠠᠮᠵᠢᠯᠠᠨ ᠢᠷᠡᠭᠰᠡᠨ ᠮᠤᠩᠭᠤᠯ ᠭᠡᠷ ᠤᠨ ᠰᠠᠶᠢᠬᠠᠨ ᠶᠤᠰᠤ ᠵᠠᠩᠰᠢᠯ ᠲᠠᠢ ᠶᠤᠮ᠃ ᠠᠶᠢᠯ ᠬᠤᠳᠠ ᠳᠤ ᠬᠦᠷᠬᠦ ᠳᠤ ᠪᠠᠨ ᠮᠤᠷᠢ ᠪᠠᠨ ᠭᠠᠯᠬᠢᠭᠤᠯᠵᠤ ᠠᠭᠠᠵᠢᠮ ᠶᠠᠪᠤᠨ᠎ᠠ᠂ ᠠᠶᠢᠯ ᠤᠨ ᠲᠡᠷᠭᠡᠳᠡᠬᠦᠷ ᠦᠡᠭᠭᠡᠷᠡᠵᠤ ᠭᠠᠷᠬᠤ ᠳᠤ ᠲᠠᠪᠬᠢᠵᠤ ᠨᠤᠬᠠᠢ ᠦᠢᠮᠡᠬᠦᠯᠬᠦ ᠪᠤᠶᠤ ᠴᠤᠬᠢᠵᠤ ᠭᠠᠰᠠᠯᠭᠠᠵᠤ ᠪᠤᠯᠬᠤ ᠦᠭᠡᠢ᠃ ᠭᠡᠷᠭᠡᠮ ᠵᠡᠷᠭᠡᠳᠡᠨ ᠪᠤᠶᠤ ᠡᠴᠢᠭᠡ ᠦᠶ᠎ᠠ ᠶᠢᠨ ᠠᠶᠢᠯ ᠤᠨ ᠭᠡᠷ ᠤᠨ ᠤᠷᠳᠤᠭᠤᠷ ᠭᠠᠷᠬᠤ ᠪᠤᠯᠪᠡᠯ ᠮᠤᠷᠢᠨ ᠠᠴᠠ ᠪᠠᠨ ᠪᠠᠭᠤᠬᠤ ᠶᠤᠰᠤ ᠲᠠᠢ ᠪᠠᠶᠢᠳᠠᠭ᠃ ᠲᠠᠶᠢᠮᠤ ᠶᠢᠨ ᠲᠤᠯᠠ ᠬᠤᠯᠠ ᠪᠠᠷ ᠲᠤᠭᠤᠷᠢᠵᠤ ᠭᠠᠷᠬᠤ ᠪᠤᠶᠤ ᠡᠰᠡᠬᠦᠯ᠎ᠠ ᠭᠡᠷ ᠤᠨ ᠬᠢᠨᠢ ᠠᠷᠤ ᠪᠠᠷ ᠭᠠᠷᠬᠤ ᠭᠡᠷᠡᠭᠳᠡᠢ᠃ ᠠᠶᠢᠯ ᠳᠤ ᠬᠦᠷᠥᠭᠰᠡᠨ ᠤ ᠲᠠᠷᠠᠭ᠎ᠠ ᠭᠡᠷ ᠤᠨ ᠡᠵᠡᠨ ᠭᠠᠷᠴᠤ ᠢᠷᠡᠬᠦ ᠦᠭᠡᠢ ᠪᠤᠯ ︽ᠨᠤᠬᠠᠢ ᠪᠠᠨ ᠬᠤᠷᠢ︕︾ ᠭᠡᠵᠤ ᠴᠢᠮᠡᠭᠡ ᠦᠭᠬᠦᠨ᠎ᠠ᠃ ᠮᠤᠷᠢ ᠪᠠᠨ ᠬᠠᠨᠳᠠᠶᠢᠷᠠᠵᠤ ᠵᠢᠯᠤᠭᠤ ᠪᠠᠷ ᠢᠶᠠᠨ ᠲᠤᠰᠢᠵᠤ ᠲᠠᠯᠪᠢᠬᠤ ᠪᠤᠶᠤ ᠲᠡᠷᠭᠡᠨ ᠠᠴᠠ ᠨᠢ ᠤᠶᠠᠨ᠎ᠠ᠃ ᠲᠡᠭᠡᠬᠦ ᠳᠤ ᠪᠠᠨ ᠠᠷᠭᠠᠯ ᠤᠨ ᠰᠢᠩᠭᠡᠯᠢᠭ ᠪᠡ ᠤᠰᠤᠨ ᠤ ᠭᠠᠨᠭ᠌ ᠲᠠᠢ ᠲᠡᠷᠭᠡᠨ ᠠᠴᠠ ᠤᠶᠠᠵᠤ ᠪᠤᠯᠳᠠᠭ ᠦᠭᠡᠢ᠃ ᠭᠡᠷ ᠤᠨ ᠡᠵᠡᠨ ᠭᠠᠷᠴᠤ ᠢᠷᠡᠵᠤ ᠨᠤᠬᠠᠢ ᠪᠠᠨ ᠬᠤᠷᠢᠵᠤ ᠦᠭᠪᠡᠯ ᠮᠠᠡᠳᠤᠯᠠᠨ᠎ᠠ ︵ᠬᠠᠭᠤᠴᠢᠨ ᠪᠠᠷᠭᠤ ᠳᠤ ᠪᠤᠯ ᠵᠤᠴᠢᠨ ᠭᠡᠷ ᠲᠤ ᠤᠷᠤᠭᠰᠠᠨ ᠤ ᠰᠠᠬᠦᠯᠠᠷ ᠰᠠᠶ᠋ᠢ ᠮᠡᠡᠳᠥᠴᠢᠯᠡᠬᠦ ᠶᠤᠰᠤ ᠬᠥᠢᠴᠡᠳᠭᠡᠳᠡᠭ ᠶᠤᠮ︶᠃          ︵ᠨᠢᠭᠡ︶ ᠮᠤᠩᠭᠤᠯ ᠭᠡᠷ ᠲᠤ ᠤᠷᠤᠬᠤ ᠶᠤᠰᠤ          ᠠᠶᠢᠯ ᠳᠤ ᠪᠠᠭᠤᠭᠰᠠᠨ ᠬᠦᠮᠤᠨ ᠠᠶᠢᠯ ᠳᠤ ᠤᠷᠤᠬᠤ ᠠᠴᠠ ᠪᠠᠨ ᠡᠮᠤᠨ᠎ᠡ ᠲᠡᠪᠡᠯ ᠮᠠᠯᠠᠭᠠᠢ ᠪᠠᠨ ᠲᠡᠭᠰᠢᠯᠡᠵᠤ᠂ ᠬᠠᠨᠴᠤᠢ ᠬᠤᠷᠮᠤᠢ ᠪᠠᠨ ᠲᠠᠯᠪᠢᠨ᠂ ᠪᠥᠰᠡᠨ ᠳᠤ ᠬᠠᠪᠴᠢᠭᠤᠯᠤᠭᠰᠠᠨ ᠬᠢᠳᠤᠭ᠎ᠠ ᠪᠠᠨ ᠪᠠᠭᠤᠯᠭᠠᠨ᠎ᠠ᠃ ᠭᠡᠷᠪᠡ ᠤᠷᠤᠬᠤ ᠭᠡᠰᠡᠨ ᠠᠶᠢᠯ ᠴᠢᠨᠢ ︽ᠴᠡᠭᠡᠷ︾ ᠪᠤᠰᠬᠠᠭᠰᠠᠨ ᠪᠠᠶᠢᠪᠡᠯ ᠭᠡᠷ ᠤᠨ ᠡᠵᠡᠨ ᠠᠴᠠ ᠤᠷᠤᠵᠤ ᠪᠤᠯᠬᠤ ᠪᠡ ᠡᠰᠡᠬᠦ ᠶᠢ ᠠᠰᠠᠭᠤᠵᠤ᠂ ᠵᠦᠪᠰᠢᠶᠡᠷᠡᠯ ᠠᠪᠤᠨ᠎ᠠ᠃ ᠵᠠᠷᠢᠮ ᠠᠶᠢᠯ ᠭᠡᠤᠭᠡᠳ ᠢᠶᠠᠨ ᠡᠩᠬᠦᠷᠠᠶᠢᠯᠠᠵᠤ᠂ ᠲᠠᠨᠢᠬᠤ ᠦᠭᠡᠢ ᠬᠦᠮᠤᠨ ᠤᠷᠤᠪᠡᠯ ᠭᠡᠤᠭᠡᠳ ᠬᠦᠯᠦᠰᠤ ᠠᠪᠴᠤ ᠤᠬᠢᠯᠠᠬᠤ ᠪᠤᠶᠤ ᠡᠶᠢᠮᠤ ᠲᠠᠶᠢᠮᠤ ᠪᠤᠯᠬᠤ ᠠᠴᠠ ᠰᠠᠷᠭᠡᠶᠢᠯᠡᠵᠤ᠂ ᠮᠤᠳᠤᠨ ᠤ ᠦᠵᠥᠬᠦᠷ ᠲᠤ ᠢᠰᠡᠬᠡᠢ ᠤᠶᠤᠭᠠᠳ ᠵᠡᠬᠦᠨ ᠬᠠᠭᠰᠠᠷᠭᠠᠨ ᠳᠤ ᠪᠠᠨ ᠪᠥᠰᠡᠯᠡᠬᠦᠷ ᠲᠤ ᠬᠠᠪᠴᠢᠭᠤᠯᠤᠨ ᠪᠤᠰᠬᠠᠵᠤ ᠲᠠᠮᠳᠡᠭ ᠲᠠᠯᠪᠢᠵᠤ ᠲᠤᠬᠢᠶ᠎ᠠ ᠦᠭᠬᠦ ᠶᠢ ︽ᠴᠡᠭᠡᠷ︾ ᠭᠡᠳᠡᠭ ᠶᠤᠮ᠃ ᠠᠶᠢᠯ ᠳᠤ ᠪᠠᠭᠤᠬᠤ ᠪᠠᠷ ᠢᠷᠡᠭᠰᠡᠨ ᠬᠦᠮᠤᠨ ᠲᠠᠰᠢᠭᠤᠷ ᠢᠶᠠᠨ ᠮᠤᠷᠢᠨ ᠤ ᠪᠠᠨ ᠡᠮᠡᠭᠡᠯ ᠤᠨ ᠪᠥᠬᠦᠷᠭᠡᠨ ᠳᠤ ᠵᠢᠯᠤᠭᠤ ᠪᠠᠷ ᠲᠠᠷᠤᠵᠤ ᠤᠷᠬᠢᠨ᠎ᠠ᠃ ᠠᠶᠢᠯ ᠳᠤ ᠲᠠᠰᠢᠭᠤᠷ ᠪᠠᠷᠢᠵᠤ ᠤᠷᠤᠵᠤ ᠪᠤᠯᠬᠤ ᠦᠭᠡᠢ᠃ ᠲᠠᠰᠢᠭᠤᠷ ᠢᠶᠠᠨ ᠮᠤᠷᠢᠨ ᠤ ᠡᠮᠡᠭᠡᠯ ᠲᠡᠭᠡᠷ᠎ᠠ ᠪᠠᠨ ᠦᠯᠡᠳᠡᠭᠡᠭᠰᠡᠨ ᠦᠭᠡᠢ ᠪᠤᠯ ᠠᠶᠢᠯ ᠤᠨ ᠭᠡᠷ ᠢ ᠲᠥᠰᠢᠬᠦᠯᠵᠤ ᠲᠠᠯᠪᠢᠬᠤ ᠪᠤᠶᠤ ᠭᠡᠷ ᠲᠡᠭᠡᠷ᠎ᠠ ᠤᠭᠤᠰᠤᠷ ᠲᠤ ᠬᠠᠪᠴᠢᠭᠤᠯᠤᠨ ᠲᠠᠯᠪᠢᠨ᠎ᠠ᠃          ᠭᠡᠷ ᠲᠤ ᠤᠷᠤᠬᠤ ᠦᠶ᠎ᠠ ᠳᠤ ᠭᠡᠷᠪᠡ ᠢᠷᠡᠭᠰᠡᠨ ᠵᠤᠴᠢᠨ ᠨᠢ ᠲᠤᠮᠤᠭᠠᠳᠠᠢ ᠬᠦᠮᠤᠨ ᠪᠤᠯ ᠨᠤᠬᠠᠢ ᠬᠤᠷᠢᠭᠰᠠᠨ ᠬᠦᠮᠤᠨ ᠡᠬᠦᠳᠡ ᠡᠷᠬᠦᠵᠤ ᠦᠭᠬᠦᠨ᠎ᠠ᠃ ᠭᠡᠷᠪᠡ ᠵᠠᠯᠠᠭᠤ ᠬᠦᠮᠤᠨ ᠪᠤᠯ ᠢᠰᠡᠭᠡᠢ ᠡᠬᠦᠳᠡ ᠶᠢ ᠵᠡᠬᠦᠨ ᠲᠠᠯ᠎ᠠ ᠠᠴᠠ ᠨᠢ ᠰᠡᠬᠦᠵᠤ᠂ ᠬᠠᠰᠢᠪᠴᠢᠨ ᠬᠠᠭᠠᠯᠭ᠎ᠠ ᠶᠢ ᠠᠭᠠᠵᠢᠮ ᠨᠡᠭᠡᠭᠡᠵᠤ ᠤᠷᠤᠨ᠎ᠠ᠃ ᠤᠷᠤᠭᠰᠠᠨ ᠬᠦᠮᠤᠨ ᠭᠡᠷ ᠤᠨ ᠲᠤᠯᠭ᠎ᠠ᠂ ᠲᠤᠳᠤᠭᠤ᠂ ᠪᠤᠱᠤᠭ᠎ᠠ ᠳᠤ ᠭᠠᠷ ᠬᠦᠷᠴᠤ ᠪᠤᠯᠳᠠᠭ ᠦᠭᠡᠢ᠂ ᠭᠠᠷ ᠬᠦᠷᠪᠡᠯ ᠭᠡᠷ ᠤᠨ ᠡᠵᠡᠨ ᠢ ᠲᠤᠷᠤᠮᠵᠢᠯᠠᠭᠰᠠᠨ ᠶᠠᠪᠤᠳᠠᠯ ᠪᠤᠯᠤᠨ᠎ᠠ ᠭᠡᠵᠤ ᠦᠵᠡᠳᠡᠭ᠃ ᠭᠡᠷ ᠲᠤ ᠤᠷᠤᠭᠰᠠᠨ ᠬᠦᠮᠤᠨ ᠲᠤᠯᠭ᠎ᠠ ᠶᠢᠨ ᠪᠠᠷᠠᠭᠤᠨ ᠲᠠᠯ᠎ᠠ ᠪᠠᠷ ᠲᠤᠭᠤᠷᠢᠨ ᠭᠠᠷᠴᠤ᠂ ᠪᠤᠷᠬᠠᠨ ᠤ ᠡᠮᠤᠨ᠎ᠠ ᠤᠴᠢᠵᠤ ᠮᠡᠬᠦ᠋ᠢᠨ ᠵᠤᠭᠰᠤᠭᠠᠳ᠂ ᠮᠠᠯᠠᠭᠠᠢ ᠪᠤᠶᠤ ᠲᠤᠯᠤᠭᠠᠢ ᠶᠢᠨ ᠪᠤᠭᠤᠯᠳᠠ ᠪᠠᠨ ᠠᠪᠴᠤ ᠵᠡᠬᠦᠨ ᠰᠤᠭᠤᠨ ᠳᠠᠭᠠᠨ ᠬᠠᠪᠴᠢᠭᠤᠯᠤᠨ᠂ ᠬᠤᠶᠠᠷ ᠭᠠᠷ ᠢᠶᠠᠨ ᠨᠠᠮᠠᠡᠴᠢᠯᠠᠨ ᠪᠤᠷᠬᠠᠨ ᠳᠤ ︽ᠠᠳᠢᠰ︾ ᠠᠪᠤᠨ᠎ᠠ᠃ ᠲᠡᠭᠡᠭᠡᠳ ᠲᠤᠯᠭ᠎ᠠ ᠶᠢᠨ ᠡᠮᠤᠨ᠎ᠠ ᠪᠤᠴᠠᠵᠤ᠂ ᠭᠡᠷ ᠤᠨ ᠨᠠᠰᠤᠳᠡᠨ ᠲᠤᠮᠤᠭᠠᠳᠠᠨ ᠪᠡ ᠭᠡᠷ ᠲᠤ ᠪᠠᠶᠢᠭ᠎ᠠ ᠪᠤᠰᠤᠳ ᠬᠦᠮᠤᠰ ᠲᠠᠢ ᠠᠮᠤᠷ ᠮᠡᠡᠳᠤ ᠪᠠᠨ ᠠᠰᠠᠭᠤᠯᠴᠠᠨ᠂ ᠬᠦᠬᠦᠤᠷ ︵ᠨᠠᠰᠤᠳᠡᠢ ᠲᠤᠮᠤᠭᠠᠳᠠᠢ ᠬᠦᠮᠤᠨ᠂ ᠪᠥᠰᠡᠨ ᠳᠡᠭᠡᠨ ︽ᠬᠦᠬᠦᠤᠷ ᠲᠠᠯᠢᠶᠠᠷ︾ ᠬᠠᠪᠴᠢᠭᠤᠯᠵᠤ ᠶᠠᠪᠤᠳᠠᠭ︶ ᠰᠤᠯᠢᠯᠴᠠᠵᠤ᠂ ︽ᠮᠠᠯ ᠤᠨ    ᠮᠡᠡᠳᠤ︾᠂ ︽ᠨᠤᠳᠤᠭ ᠤᠨ ᠮᠡᠡᠳᠤ︾᠂ ︽ᠤᠯᠠᠷᠢᠯ ᠤᠨ ᠮᠡᠡᠳᠤ︾ ᠪᠠᠷᠢᠵᠤ᠂ ᠲᠤᠯᠭ᠎ᠠ ᠶᠢᠨ ᠡᠮᠥᠨᠡᠬᠦᠷ ᠪᠠᠷᠠᠭᠤᠨ ᠲᠠᠯ᠎ᠠ ᠳᠤ ᠭᠠᠷᠴᠤ ᠰᠠᠭᠤᠨ᠎ᠠ᠃ ᠲᠡᠭᠡᠬᠦ ᠳᠡᠭᠡᠨ    ᠲᠤᠮᠤᠭᠠᠳᠠᠢ ᠬᠦᠮᠤᠨ ᠪᠤᠯ ᠵᠠᠪᠢᠯᠠᠨ ᠰᠠᠭᠤᠵᠤ᠂ ᠵᠠᠯᠠᠭᠤ ᠬᠦᠮᠤᠰ ᠪᠤᠯ ᠪᠠᠷᠠᠭᠤᠨ ᠲᠠᠯ᠎ᠠ ᠶᠢᠨ ᠡᠪᠥᠳᠥᠭ ᠢ ᠨᠤᠭᠤᠯᠵᠤ᠂ ᠵᠡᠬᠦᠨ ᠡᠪᠥᠳᠥᠭ ᠢᠶᠠᠨ ᠪᠤᠰᠬᠠᠨ ᠴᠤᠮᠴᠦ᠋ᠢᠨ ᠰᠠᠭᠤᠨ᠎ᠠ᠃ ᠭᠡᠳᠤ ᠭᠡᠳᠤᠨ ᠬᠦᠮᠤᠨ ᠠᠶᠢᠯ ᠳᠤ ᠬᠠᠮᠳᠤ ᠤᠷᠤᠭᠰᠠᠨ ᠪᠤᠯ ᠨᠠᠰᠤᠨ ᠤ ᠶᠡᠭᠡ ᠪᠠᠭ᠎ᠠ ᠪᠠᠷ ᠲᠠᠷᠠᠭᠠᠯᠠᠨ ᠰᠠᠭᠤᠨ᠎ᠠ᠃          ︵ᠬᠤᠶᠠᠷ︶ ᠮᠤᠩᠭᠤᠯ ᠭᠡᠷ ᠲᠤ ᠰᠠᠭᠤᠬᠤ ᠶᠤᠰᠤ          ᠪᠠᠷᠭᠤᠴᠤᠳ ︽ᠬᠦᠮᠤᠨ ᠠᠬ᠎ᠠ ᠲᠠᠢ᠂ ᠲᠡᠪᠡᠯ ᠵᠠᠬ᠎ᠠ ᠲᠠᠢ︾ ᠭᠡᠵᠤ ᠠᠬᠠᠮᠠᠳ ᠢᠶᠠᠨ ᠬᠦᠡᠳᠤᠳᠭᠡᠨ᠂ ᠢᠷᠡᠭᠰᠡᠨ ᠵᠤᠴᠢᠨ ᠢ ᠨᠠᠰᠤᠨ ᠤ ᠲᠠᠷᠠᠭᠠᠯᠠᠯ ᠢᠶᠠᠷ ᠮᠤᠩᠭᠤᠯ ᠭᠡᠷ ᠲᠤ ᠤᠷᠤ ᠰᠠᠭᠤᠳᠠᠯ ᠤᠨ ᠬᠤᠶᠢᠮᠤᠷ ᠲᠤ ᠵᠠᠯᠠᠨ ᠰᠠᠭᠠᠳᠠᠭᠤᠯᠳᠠᠭ᠃ ᠦᠪᠡᠷ ᠬᠤᠭᠤᠷᠤᠡᠳᠤ ᠭᠡᠷ ᠵᠠᠭᠤᠷ᠎ᠠ ᠪᠠᠨ ᠴᠤ ᠮᠦᠨ ᠠᠳᠠᠯᠢ᠂ ᠨᠠᠰᠤᠨ ᠤ ᠶᠡᠭᠡ ᠪᠠᠭ᠎ᠠ ᠪᠠᠷ ᠰᠠᠭᠤᠳᠠᠯ ᠢᠶᠠᠨ ᠤᠯᠵᠤ᠂ ᠠᠪᠤ ᠡᠵᠢ ᠠᠬᠠᠮᠠᠳ ᠲᠤᠮᠤᠭᠠᠳᠠᠨ ᠢᠶᠠᠨ ᠭᠡᠷ ᠤᠨ ᠬᠤᠷᠮᠤᠢ ᠲᠤ ᠰᠠᠭᠤᠯᠭᠠᠳᠠᠭ᠃ ᠠᠶᠢᠯ ᠡᠷᠥᠭᠡ ᠶᠢᠨ ᠭᠡᠷ ᠤᠨ ᠡᠵᠡᠨ ᠪᠤᠯ ᠵᠡᠬᠦᠨ ᠬᠤᠶᠢᠳᠤ ᠬᠤᠶᠢᠮᠤᠷ ᠤᠨ ᠲᠡᠭᠡᠳᠤ ᠲᠠᠯ᠎ᠠ ᠳᠤ ᠲᠠᠯᠪᠢᠵᠤ ᠪᠠᠶᠢᠭ᠎ᠠ ᠠᠪᠳᠠᠷ᠎ᠠ ᠶᠢᠨ ᠡᠮᠤᠨᠡᠬᠢ ᠭᠠᠵᠠᠷ ᠲᠤ ᠲᠠᠪᠢᠰᠥᠭᠰᠡᠨ ᠰᠢᠷᠢᠮᠡᠯ ᠰᠢᠷᠢᠳᠡᠭ ᠪᠤᠶᠤ ᠤᠯᠪᠤᠭ ︵ᠲᠠᠯᠪᠠᠭ︶ ᠲᠡᠭᠡᠷ᠎ᠠ ᠰᠠᠭᠤᠳᠠᠭ᠃ ᠭᠡᠷ ᠤᠨ ᠡᠵᠡᠭᠳᠡᠢ ᠭᠠᠯ ᠲᠤᠭᠤᠭᠠᠨ ᠤ ᠲᠠᠯᠪᠢᠭᠤᠷ ᠪᠡ ᠭᠠᠯ ᠲᠤᠭᠤᠭᠠᠨ ᠤ ᠭᠡᠷᠡᠭᠰᠡᠯ ᠤᠨ ᠲᠡᠭᠡᠳᠤ ᠲᠠᠯ᠎ᠠ ᠶᠢᠨ ᠤᠷᠤᠨ ᠳᠤ ᠰᠠᠭᠤᠬᠤ ᠪᠤᠶᠤ ᠭᠠᠵᠠᠷ ᠲᠤ ᠲᠡᠪᠢᠰᠥᠭᠰᠡᠨ ᠰᠢᠷᠢᠳᠡᠭ ᠲᠡᠭᠡᠷ᠎ᠠ ᠴᠤᠮᠴᠦ᠋ᠢᠨ ᠰᠠᠭᠤᠳᠠᠭ᠃ ᠭᠡᠤᠭᠡᠳ ᠪᠠᠭᠠᠴᠤᠳ ᠪᠤᠯ ᠮᠤᠩᠭᠤᠯ ᠭᠡᠷ ᠤᠨ ᠪᠠᠷᠠᠭᠤᠨ ᠡᠮᠤᠨ᠎ᠠ ᠵᠠᠬ᠎ᠠ ᠶᠢᠨ ᠠᠷᠤ ᠳᠤ ᠰᠠᠭᠤᠳᠠᠭ᠃ ᠮᠤᠩᠭᠤᠯ ᠭᠡᠷ ᠤᠨ ᠪᠠᠷᠠᠭᠤᠨ ᠲᠡᠭᠡᠳᠤ ᠬᠤᠶᠢᠮᠤᠷ ᠲᠤ ᠪᠤᠯ ᠠᠬᠠᠮᠠᠳ ᠨᠠᠰᠤᠳᠡᠨ ᠪᠤᠯᠤᠨ ᠬᠦᠭᠰᠢᠨ ᠪᠤᠭᠤᠷᠤᠯ ᠠᠪᠤ ᠡᠵᠢ ᠪᠡ ᠮᠤᠷᠢᠯᠠᠵᠤ ᠢᠷᠡᠭᠰᠡᠨ ᠬᠦᠡᠳᠤᠳᠤ ᠵᠤᠴᠢᠨ ᠰᠠᠭᠤᠳᠠᠭ ᠪᠥᠭᠡᠳ ᠬᠤᠶᠢᠮᠤᠷ ᠲᠤ ᠲᠠᠪᠢᠰᠥᠭᠰᠡᠨ ᠭᠡᠪᠢᠰ ᠪᠡ ᠰᠢᠷᠢᠮᠡᠯ ᠪᠤᠯᠢᠭᠠᠷᠢ ᠰᠢᠷᠢᠳᠡᠭ ᠲᠡᠭᠡᠷ᠎ᠠ ᠰᠠᠭᠤᠳᠠᠭ᠃ ᠭᠡᠷ ᠤᠨ ᠡᠵᠡᠨ ᠲᠠᠢ ᠦᠶ᠎ᠠ ᠵᠡᠷᠭᠡ ᠶᠢᠨ ᠬᠦᠮᠤᠨ ᠪᠤᠯ ᠪᠠᠷᠠᠭᠤᠨ ᠲᠠᠯ᠎ᠠ ᠶᠢᠨ ᠤᠷᠤᠨ ᠳᠤ ᠰᠠᠭᠤᠵᠤ᠂ ᠭᠡᠷ ᠤᠨ ᠡᠵᠡᠨ ᠠᠴᠠ ᠲᠠᠬᠦᠤ ᠬᠦᠮᠤᠨ ᠪᠤᠯ ᠪᠠᠷᠠᠭᠤᠨ ᠡᠮᠤᠨ᠎ᠠ ᠲᠠᠯ᠎ᠠ ᠳᠤ ᠰᠠᠭᠤᠨ᠎ᠠ᠃ ᠠᠶᠢᠯᠴᠢᠨ ᠵᠤᠴᠢᠨ ᠪᠤᠯᠵᠤ ᠢᠷᠡᠭᠰᠡᠨ ᠦᠬᠢᠳ ᠪᠠᠷᠢᠶᠠᠳ ᠨᠢ ᠭᠡᠷ ᠤᠨ ᠡᠵᠡᠭᠳᠡᠢ ᠠᠴᠠ ᠨᠠᠰᠤ ᠵᠢᠯ ᠨᠢ ᠶᠡᠭᠡ ᠪᠤᠯ ᠭᠡᠷ ᠤᠨ ᠵᠡᠬᠦᠨ ᠤᠷᠤᠨ ᠤ ᠲᠡᠭᠡᠳᠤ ᠲᠠᠯ᠎ᠠ ᠳᠤ ᠰᠠᠭᠤᠵᠤ᠂ ᠲᠠᠬᠦᠤᠮᠡᠳ ᠬᠦᠮᠤᠨ ᠪᠤᠯ ᠭᠡᠷ ᠤᠨ ᠵᠡᠬᠦᠨ ᠤᠷᠤᠨ ᠤ ᠲᠤᠤᠷᠠᠳᠤ ᠲᠠᠯ᠎ᠠ ᠳᠤ ᠰᠠᠭᠤᠨ᠎ᠠ᠃ ᠬᠦᠯ ᠳᠤ ᠤᠷᠤᠭ᠎ᠠ ᠦᠭᠡᠢ ᠨᠢᠷᠠᠢ ᠨᠢᠯᠬ᠎ᠠ ᠭᠡᠤᠭᠡᠳ ᠢ ᠪᠤᠯ ᠮᠤᠩᠭᠤᠯ ᠭᠡᠷ ᠤᠨ ᠵᠡᠬᠦᠨ ᠲᠠᠯ᠎ᠠ ᠶᠢᠨ ᠤᠷᠤ ᠶᠢᠨ ᠲᠡᠭᠡᠳᠤ ᠲᠠᠯ᠎ᠠ ᠳᠤ ᠡᠴᠢᠭᠡ ᠡᠭᠡ ᠬᠤᠶᠠᠷ ᠤᠨ ᠰᠠᠭᠤᠳᠠᠯ ᠤᠨ ᠬᠤᠭᠤᠷᠤᠡᠳᠤ ᠬᠠᠨ᠎ᠠ ᠠᠴᠠ ᠤᠶᠠᠵᠤ᠂ ᠡᠮᠤᠨ᠎ᠠ ᠨᠢ ᠲᠤᠬᠤᠢ ᠬᠢᠷᠢ ᠦᠡᠳᠤᠷ ᠮᠤᠳᠤᠨ ᠲᠦᠰᠢᠯᠭᠡ ᠪᠤᠰᠬᠠᠨ ᠲᠠᠯᠪᠢᠳᠠᠭ ᠶᠤᠮ᠃ ᠠᠬᠠᠮᠠᠳ ᠨᠠᠰᠤᠳᠡᠨ ᠪᠤᠯᠤᠨ ᠠᠶᠢᠯᠴᠢᠨ ᠵᠤᠴᠢᠨ ᠪᠡ ᠭᠡᠷ ᠤᠨ ᠡᠵᠡᠨ ᠤ ᠤᠷᠤ ᠰᠢᠷᠡᠭᠡᠨ ᠳᠤ ᠪᠥᠷ ᠭᠡᠪᠢᠰ᠂ ᠤᠯᠪᠤᠭ ︵ᠲᠠᠯᠪᠠᠭ︶᠂ ᠰᠢᠷᠢᠮᠡᠯ ᠰᠢᠷᠢᠳᠡᠭ᠂ ᠪᠤᠯᠢᠭᠠᠷᠢ ᠰᠢᠷᠢᠳᠡᠭ ᠵᠠᠷᠭᠡ ᠶᠢ ᠲᠠᠪᠢᠰᠴᠤ ᠦᠭᠳᠡᠭ ᠪᠥᠭᠡᠳ ᠠᠶᠢᠯᠴᠢᠯᠠᠵᠤ ᠢᠷᠡᠭᠰᠡᠨ ᠠᠶᠢᠯᠴᠢᠨ ᠵᠤᠴᠢᠳ ᠪᠤᠶᠤ ᠭᠡᠷ ᠤᠨ ᠡᠵᠡᠨ ᠪᠥᠷ ᠵᠠᠪᠢᠯᠠᠬᠤ ᠰᠠᠭᠤᠳᠠᠯ ᠢᠶᠠᠷ ᠰᠠᠭᠤᠳᠠᠭ᠃ ᠪᠥᠰᠡᠬᠦᠢ ᠬᠦᠮᠤᠨ ᠴᠤᠮᠴᠦ᠋ᠢᠨ ᠰᠠᠭᠤᠳᠠᠭ᠃ ᠮᠤᠩᠭᠤᠯ ᠭᠡᠷ ᠤᠨ ᠪᠠᠷᠠᠭᠤᠨ ᠲᠠᠯ᠎ᠠ ᠳᠤ ᠰᠠᠭᠤᠬᠤ ᠪᠥᠰᠡᠬᠦᠢ ᠬᠦᠮᠤᠨ ᠵᠡᠬᠦᠨ ᠡᠪᠥᠳᠥᠭ ᠢᠶᠠᠨ ᠨᠤᠭᠤᠯᠤᠨ ᠲᠠᠷᠤᠵᠤ ᠪᠠᠷᠠᠭᠤᠨ ᠬᠦᠯ ᠢᠶᠠᠨ ᠴᠤᠮᠴᠦ᠋ᠢᠯᠭᠠᠨ ᠰᠠᠭᠤᠵᠤ᠂ ᠵᠡᠬᠦᠨ ᠲᠠᠯ᠎ᠠ ᠳᠤ ᠰᠠᠭᠤᠬᠤ ᠪᠥᠰᠡᠬᠦᠢ ᠬᠦᠮᠤᠨ ᠪᠠᠷᠠᠭᠤᠨ ᠡᠪᠥᠳᠥᠭ ᠢᠶᠠᠨ ᠨᠤᠭᠤᠯᠤᠨ ᠵᠡᠬᠦᠨ ᠬᠦᠯ ᠢᠶᠠᠨ ᠴᠤᠮᠴᠦ᠋ᠢᠯᠭᠠᠨ ᠰᠠᠭᠤᠳᠠᠭ ᠶᠤᠰᠤ ᠲᠠᠢ ᠪᠠᠶᠢᠳᠠᠭ᠃          ︵ᠭᠤᠷᠪᠡ︶ ᠮᠤᠩᠭᠤᠯ ᠭᠡᠷ ᠲᠤ ᠬᠤᠨᠤᠬᠤ ᠶᠤᠰᠤ          ᠮᠤᠩᠭᠤᠯ ᠭᠡᠷ ᠲᠤ ᠬᠤᠨᠤᠬᠤ ᠳᠤ ᠭᠡᠷ ᠤᠨ ᠬᠤᠶᠢᠮᠤᠷ ᠲᠤ ᠠᠬᠠᠮᠠᠳ ᠨᠠᠰᠤᠳᠡᠨ ᠤᠡᠳᠠᠵᠤ᠂ ᠵᠡᠬᠦᠨ ᠲᠠᠯ᠎ᠠ ᠶᠢᠨ ᠤᠷᠤᠨ ᠳᠤ ᠭᠡᠤᠭᠡᠳ ᠪᠠᠷᠢᠶᠡᠳ ᠤᠡᠳᠠᠵᠤ᠂ ᠪᠠᠷᠠᠭᠤᠨ ᠲᠠᠯ᠎ᠠ ᠶᠢᠨ ᠤᠷᠤᠨ ᠳᠤ ᠠᠶᠢᠯᠴᠢᠨ ᠵᠤᠴᠢᠨ ᠢ ᠤᠡᠳᠠᠭᠤᠯᠳᠠᠭ ᠶᠤᠰᠤ ᠲᠠᠢ᠃ ᠡᠬᠦᠨ ᠳᠤ ᠬᠤᠶᠢᠮᠤᠷ ᠤᠨ ᠤᠷᠤᠨ ᠳᠤ ᠤᠡᠳᠠᠬᠤ ᠬᠦᠮᠤᠨ᠂ ᠲᠤᠯᠤᠭᠠᠢ ᠪᠠᠨ ᠪᠠᠷᠠᠭᠤᠡᠰᠢ ᠬᠠᠷᠠᠭᠤᠯᠵᠤ᠂ ᠵᠡᠬᠦᠨ ᠪᠠᠷᠠᠭᠤᠨ ᠤᠷᠤᠨ ᠳᠤ ᠤᠡᠳᠠᠬᠤ ᠬᠦᠮᠤᠨ ᠲᠤᠯᠤᠭᠠᠢ ᠪᠠᠨ ᠬᠤᠶᠢᠰᠢ ᠬᠠᠨᠳᠤᠭᠤᠯᠵᠤ ᠤᠡᠳᠠᠳᠠᠭ ᠶᠤᠰᠤ ᠲᠠᠢ᠃                   ᠮᠣᠩᠭᠤᠯ ᠭᠡᠷ ᠲᠤ ᠬᠤᠨᠤᠬᠤ ᠳᠤ ᠪᠤᠢ ᠪᠥᠬᠦᠢ ᠬᠤᠴᠢᠯᠭ᠎ᠠ ᠶᠢ ᠭᠡᠷ ᠤᠨ ᠡᠵᠡᠭᠳᠡᠢ ᠲᠤᠬᠢᠷᠠᠭᠤᠯᠵᠤ ᠦᠭᠳᠡᠭ ᠪᠥᠭᠡᠳ ᠬᠤᠨᠤᠴᠠ ᠶᠢ ᠵᠠᠪᠡᠯ ᠬᠤᠴᠢᠵᠤ ᠦᠭᠳᠡᠭ ᠶᠤᠰᠤᠨ ᠪᠤᠢ᠃ ᠬᠥᠮᠤᠰ ᠪᠥᠷ ᠤᠷᠤ ᠤᠷᠤᠨ ᠳᠤ ᠪᠠᠨ ᠭᠡᠪᠳᠡᠭᠰᠡᠨ ᠤ ᠰᠠᠬᠦᠯᠠᠷ ᠭᠡᠷ ᠤᠨ ᠡᠵᠡᠭᠳᠡᠢ ᠡᠷᠥᠭᠡ ᠪᠠᠨ ᠲᠠᠳᠠᠵᠤ᠂ ᠳ᠋ᠸᠡᠭ ᠢᠶᠠᠨ ᠤᠡᠳᠠᠷᠠᠭᠠᠭᠠᠳ ᠤᠡᠳᠠᠬᠤ ᠪᠠᠷ ᠭᠡᠪᠳᠡᠳᠡᠭ᠃ ᠭᠡᠨ ᠨᠢᠭᠡᠨ ᠬᠦᠮᠤᠨ ᠰᠥᠨᠢ ᠪᠤᠰᠬᠤ ᠭᠡᠷᠡᠭ ᠲᠠᠢ ᠪᠤᠯ ᠴᠢᠮᠡᠭᠡ ᠪᠤᠯᠵᠤ ᠭᠡᠷ ᠤᠨ ᠡᠵᠡᠭᠳᠡᠢ ᠭᠡᠷᠡᠯ ᠭᠠᠷᠭᠠᠵᠤ ᠦᠭᠳᠡᠭ᠂ ᠬᠠᠷᠠᠩᠭᠤᠢ ᠰᠥᠨᠢ ᠲᠠᠮᠳᠡᠷᠬᠢᠯᠡᠨ ᠪᠤᠰᠬᠤ ᠶᠢ ᠤᠭᠳᠤ ᠵᠦᠪᠰᠢᠶᠡᠷᠡᠳᠡᠭ ᠦᠭᠡᠢ᠃          ︵ᠲᠥᠷᠪᠡ︶ ᠮᠤᠩᠭᠤᠯ ᠭᠡᠷ ᠠᠴᠠ ᠭᠠᠷᠬᠤ ᠶᠤᠰᠤ                   ᠭᠡᠷ ᠠᠴᠠ ᠭᠠᠷᠬᠤ ᠬᠦᠮᠤᠨ ᠬᠤᠷᠮᠤᠢ ᠬᠤᠳᠠ ᠪᠠᠨ ᠲᠡᠭᠰᠢᠯᠡᠨ ᠴᠤᠮᠤᠷ ᠪᠠᠶᠢᠯᠭᠠᠵᠤ᠂ ᠲᠤᠯᠭ᠎ᠠ ᠵᠤᠤᠬ᠎ᠠ ᠲᠠᠭᠠᠷᠢᠯᠠᠨ᠂ ᠡᠳ᠋ᠯᠡᠯ ᠭᠡᠷᠡᠭᠯᠡᠯ ᠢ ᠤᠨᠠᠭᠠᠵᠤ ᠳᠤᠰᠬᠠᠬᠤ᠂ ᠴᠠᠢ ᠢᠳᠡᠭᠡ ᠠᠰᠬᠠᠵᠤ᠂ ᠦᠨᠡᠰᠤ ᠬᠤᠭ ᠴᠢᠷᠬᠦ ᠶᠢ ᠴᠢᠩᠭ᠎ᠠ ᠴᠡᠭᠡᠷᠯᠡᠨ᠎ᠠ᠃ ᠨᠠᠰᠤᠳᠡᠢ ᠬᠦᠮᠤᠨ ᠢ ᠲᠥᠰᠢᠨ ᠪᠤᠰᠬᠠᠵᠤ᠂ ᠲᠤᠯᠵᠤ ᠡᠬᠦᠳᠡ ᠭᠠᠷᠭᠠᠨ᠎ᠠ᠃ ᠪᠤᠰᠤᠳ ᠬᠦᠮᠤᠰ ᠲᠤᠯᠭ᠎ᠠ ᠶᠢᠨ ᠠᠯᠢ ᠲᠠᠯ᠎ᠠ ᠳᠤ ᠰᠠᠭᠤᠭᠰᠠᠨ ᠪᠤᠯ ᠲᠡᠷᠡ ᠲᠠᠯ᠎ᠠ ᠪᠠᠷ ᠢᠶᠠᠨ ᠲᠡᠰ ᠲᠠᠷᠠᠭ᠎ᠠ ᠲᠠᠢ ᠠᠭᠠᠵᠢᠮ ᠲᠤᠭᠳᠠᠭᠤᠨ ᠬᠦᠡᠭᠭᠡᠨ ᠠᠯᠬᠤᠵᠤ ᠭᠡᠷ ᠠᠴᠠ ᠭᠠᠷᠤᠨ᠎ᠠ᠃ ᠲᠤᠯᠭ᠎ᠠ ᠵᠤᠤᠬ᠎ᠠ ᠶᠢ ᠪᠥᠳᠥᠨ ᠡᠷᠬᠢᠵᠤ ᠭᠠᠷᠴᠤ ᠪᠤᠯᠬᠤ ᠦᠭᠡᠢ᠃ ᠲᠤᠯᠭ᠎ᠠ ᠶᠢᠨ ᠬᠤᠶᠢᠨ᠎ᠠ ᠭᠡᠷ ᠤᠨ ᠬᠤᠶᠢᠮᠤᠷ ᠰᠠᠭᠤᠭᠰᠠᠨ ᠬᠦᠮᠤᠨ ᠲᠤᠯᠭ᠎ᠠ ᠶᠢᠨ ᠵᠡᠬᠦᠨ ᠲᠠᠯ᠎ᠠ ᠪᠠᠷ ᠨᠠᠷᠠᠨ ᠵᠦᠪ ᠡᠷᠬᠢᠵᠤ ᠭᠡᠷ ᠠᠴᠠ ᠭᠠᠷᠤᠨ᠎ᠠ᠃ ᠭᠡᠷ ᠠᠴᠠ ᠭᠠᠷᠬᠤ ᠬᠦᠮᠤᠨ ᠪᠠᠷᠠᠭᠤᠨ ᠭᠠᠷ ᠢᠶᠠᠷ ᠬᠠᠪᠳᠠᠰᠤᠨ ᠡᠬᠦᠳᠡ ᠶᠢ ᠬᠦᠡᠭᠭᠡᠨ ᠲᠥᠯᠬᠢᠵᠤ᠂ ᠢᠰᠡᠭᠡᠢ ᠡᠬᠦᠳᠡ ᠶᠢ ᠡᠷᠬᠦᠨ ᠭᠠᠷᠤᠨ᠎ᠠ᠃
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ