ᠠ᠊᠂ ᠴᠢᠯᠠᠭᠤᠨᠪᠠᠭᠠᠲᠤᠷ | ᠪᠠᠷᠭᠤ ᠪᠣᠯ ᠮᠣᠩᠭᠤᠯ ᠦᠨᠳᠦᠰᠦᠲᠡᠨ ᠤ ᠨᠢᠭᠡᠨ ᠠᠶᠢᠮᠠᠭ ᠶᠠᠰᠣᠲᠠᠨ ᠮᠥᠨ᠃ ᠠᠯᠢ ᠳᠡᠭᠡᠷ᠎ᠡ ᠦᠶ᠎ᠡ ᠠᠴᠠ ᠮᠣᠩᠭᠤᠯ ᠤᠨ ᠬᠠᠨ ᠬᠠᠭᠠᠳ ᠲᠠᠢ ᠣᠷᠤᠭ | ᠲᠦᠷᠦᠯ ᠪᠣᠯᠣᠯᠴᠠᠵᠤ᠂ ᠨᠠᠭᠠᠴᠤ ᠶᠢᠨ ᠬᠤᠪᠢ ᠪᠠᠷ ᠥᠷᠭᠡᠨ ᠠᠭᠤᠳᠠᠮ ᠠᠽᠢᠶ᠎ᠠ ᠲᠢᠪ ᠤᠨ ᠡᠯᠢᠭᠡᠨ ᠳᠡᠭᠡᠭᠦᠷ ᠬᠥᠨᠳᠡᠯᠡᠨ ᠭᠤᠯᠳᠤ ᠣᠯᠠᠨ ᠵᠠᠭᠤᠨ ᠵᠢᠯ ᠨᠡᠭᠦᠳᠡᠯᠯᠡᠨ | ᠠᠮᠢᠳᠤᠷᠠᠵᠤ ᠢᠷᠡᠭᠰᠡᠨ ᠵᠣᠨ ᠪᠥᠭᠡᠳ ᠲᠡᠭᠡᠬᠦ ᠳᠡᠭᠡᠨ ᠪᠣᠭᠤᠯ ᠬᠠᠮᠵᠢᠯᠭ᠎ᠠ᠂ ᠹᠧᠣᠳᠠᠯ ᠶᠣᠰᠣᠨ ᠳᠤ ᠴᠢᠳᠦᠷᠯᠡᠭᠳᠡᠵᠦ ᠲᠣᠱᠠᠭᠳᠠᠭᠠ ᠦᠭᠡᠢ ᠪᠠᠷ ᠳᠡᠷᠭᠡᠳᠡ ᠪᠠᠨ | ᠮᠥᠯᠵᠢᠯ ᠦᠭᠡᠢ᠂ ᠳᠡᠭᠡᠷ᠎ᠡ ᠪᠠᠨ ᠳᠠᠷᠤᠯᠠᠯ ᠦᠭᠡᠢ ᠪᠠᠶᠢᠬᠤ ᠶᠢ ᠢᠮᠠᠭᠲᠠ ᠬᠠᠲᠠᠭᠤ ᠪᠠᠷᠢᠮᠲᠠᠯᠠᠵᠤ ᠲᠡᠮᠡᠴᠡᠵᠦ ᠶᠠᠪᠤᠭᠰᠠᠨ ᠶᠠᠰᠣᠲᠠᠨ ᠪᠢᠯᠡ᠃ ᠲᠡᠳᠡ ᠨᠤᠲᠤᠭ ᠰᠡᠯᠭᠦᠨ | ᠨᠡᠭᠦᠳᠡᠯᠯᠡᠵᠦ᠂ ᠣᠰᠣᠨ ᠤ ᠲᠤᠩᠭᠠᠯᠠᠭ᠂ ᠡᠪᠡᠰᠦᠨ ᠤ ᠰᠣᠷᠭᠤᠭ ᠢ ᠳᠠᠭᠠᠵᠣ᠂ ᠡᠬᠡ ᠪᠠᠶᠢᠭᠠᠯᠢ ᠶᠢᠨ ᠳᠠᠷᠬᠠᠨ ᠬᠡᠰᠢᠭ ᠢ ᠳᠡᠭᠡᠳᠦᠯᠡᠨ ᠬᠦᠷᠲᠡᠵᠦ᠂ ᠵᠡᠷᠭᠡ ᠬᠡᠷᠬᠡᠮ ᠲᠠᠢ | ᠬᠥᠮᠥᠰ ᠢ ᠣᠪᠣᠭᠠᠨ ᠲᠠᠬᠢᠯᠭ᠎ᠠ ᠳᠡᠭᠡᠷ᠎ᠡ ᠡᠩ ᠤᠨ ᠲᠠᠬᠢᠯᠭᠠᠴᠢᠳ ᠲᠠᠢ ᠠᠳᠠᠯᠢᠬᠠᠨ ᠦᠵᠡᠵᠦ᠂ ᠨᠠᠰᠤᠲᠠᠨ ᠲᠣᠮᠣᠭᠠᠲᠠᠨ ᠢᠶᠠᠨ ᠬᠤᠶᠢᠮᠤᠷ ᠲᠤ ᠵᠠᠯᠠᠵᠤ᠂ ᠣᠪᠣᠭᠠᠨ | ᠳᠠᠷᠤᠭ᠎ᠠ ᠪᠦᠬᠦᠨ ᠢ ᠰᠢᠢᠳᠴᠦ ᠰᠢᠢᠳᠪᠦᠷᠢᠯᠡᠳᠡᠭ ᠤᠯᠠᠮᠵᠢᠯᠠᠯ ᠲᠠᠢ᠃ ᠲᠠᠪᠤᠨ ᠬᠤᠰᠢᠭᠤ ᠮᠠᠯ ᠢ ᠰᠦᠷᠦᠭ ᠢᠶᠠᠷ ᠰᠠᠭᠤᠷᠢ ᠪᠣᠯᠭᠠᠨ ᠮᠠᠯᠵᠢᠬᠤ ᠠᠷᠭ᠎ᠠ ᠶᠢ | ᠦᠢᠯᠡᠳᠦᠯᠭᠡᠵᠢᠭᠦᠯᠵᠦ᠂ ᠲᠡᠳᠡᠨ ᠤ ᠣᠨᠴᠠᠯᠢᠭ ᠲᠤᠨᠢ ᠵᠣᠬᠢᠴᠠᠭᠤᠯᠤᠨ ᠪᠡᠯᠴᠢᠭᠡᠷ ᠲᠣᠬᠢᠷᠠᠭᠤᠯᠤᠨ ᠨᠡᠭᠦᠳᠡᠯᠯᠡᠵᠦ᠂ ᠮᠠᠯ ᠨᠢ ᠥᠨᠢᠷ ᠥᠰᠴᠦ᠂ ᠬᠥᠷᠥᠩᠭᠡ ᠪᠠᠷ ᠵᠤᠵᠠᠭᠠᠨ᠂ | ᠬᠥᠮᠥᠨ ᠨᠢ ᠮᠥᠰᠦᠯᠢᠭ᠂ ᠨᠦᠮᠵᠢᠭᠲᠡᠢ︽ᠪᠠᠶᠠᠨ ᠪᠠᠷᠭᠤ︾ ᠭᠡᠵᠦ ᠠᠯᠳᠠᠷᠰᠢᠵᠠᠢ᠃ | ᠬᠥᠯᠥᠨ ᠪᠤᠶᠢᠷ ᠤᠨ ᠪᠠᠷᠭᠤᠴᠤᠳ᠂ ᠠᠷᠤ ᠨᠤᠲᠤᠭ ᠤᠨ ᠠᠷᠪᠠᠨ ᠲᠦᠮᠡᠨ ᠴᠠᠭᠠᠨ ᠠᠳᠤᠭᠤ᠂ ᠮᠡᠨᠡᠩ ᠤᠨ ᠲᠠᠯ᠎ᠠ ᠶᠢᠨ ᠵᠠᠭᠤᠨ ᠲᠦᠮᠡᠨ ᠴᠠᠭᠠᠨ ᠬᠤᠨᠢ᠂ | ᠠᠷᠠᠯ ᠵᠦᠯᠭᠡ ᠶᠢᠨ ᠮᠢᠩᠭ᠎ᠠ ᠮᠢᠩᠭᠠᠨ ᠤᠯᠠᠭᠠᠨ ᠪᠤᠶᠤ ᠴᠠᠭᠠᠨ ᠡᠷᠢᠶᠡᠨ ᠦᠬᠡᠷ ᠲᠠᠢ ᠭᠡᠵᠦ ᠳᠡᠭᠡᠷ᠎ᠡ ᠵᠠᠭᠤᠨ ᠳᠤ ᠠᠯᠳᠠᠷᠰᠢᠵᠤ ᠪᠠᠶᠢᠭᠰᠠᠨ ᠨᠢ ᠡᠪᠦᠭᠡ | ᠳᠡᠭᠡᠳᠦᠰ ᠤᠨ ᠢᠶᠠᠨ ᠣᠯᠠᠨ ᠵᠠᠭᠤᠨ ᠤ ᠲᠤᠷᠰᠢ︽ᠪᠠᠶᠠᠨ ᠪᠠᠷᠭᠤ︾ ᠬᠡᠮᠡᠨ ᠳᠠᠭᠤᠳᠠᠭᠳᠠᠵᠤ ᠢᠷᠡᠭᠰᠡᠨ ᠥᠪ ᠲᠡᠦᠬᠡ ᠶᠢ ᠤᠯᠠᠮᠵᠢᠯᠠᠨ ᠬᠠᠳᠠᠭᠠᠯᠠᠭᠰᠠᠭᠠᠷ ᠢᠷᠡᠭᠰᠡᠨ ᠢ | ᠬᠠᠷᠠᠭᠤᠯᠵᠤ ᠪᠠᠶᠢᠭ᠎ᠠ ᠶᠤᠮ᠃ ᠥᠩᠭᠡᠷᠡᠭᠰᠡᠨ ᠳᠤ ᠬᠥᠯᠥᠨ ᠪᠤᠶᠢᠷ ᠤᠨ ᠪᠠᠷᠭᠤᠴᠤᠳ ᠲᠤ︽ᠱᠥᠯᠥᠨ ᠤ ᠬᠤᠨᠢ᠂ ᠴᠢᠳᠦᠷ ᠤᠨ ᠮᠣᠷᠢ︾ ᠦᠭᠡᠢ ᠠᠶᠢᠯ ᠭᠡᠵᠦ ᠮᠠᠰᠢ | ᠬᠤᠪᠣᠷ᠃ ᠬᠠᠷᠢᠨ︽ᠬᠢᠲᠤᠭᠠᠨ ᠤ ᠢᠷ ᠲᠤ ᠭᠦᠢᠴᠡᠭᠳᠡᠬᠦ ᠦᠭᠡᠢ︾ ᠬᠤᠨᠢ ᠲᠠᠢ ᠠᠶᠢᠯ ᠵᠠᠬ᠎ᠠ ᠠᠴᠠ ᠪᠠᠨ ᠠᠪᠤᠭᠠᠳ ᠵᠥᠩᠳᠡᠭᠡᠨ ᠪᠠᠶᠢᠵᠠᠢ᠃ ᠭᠡᠪᠡᠴᠦ ᠡᠨᠡ ᠨᠢ | ᠲᠡᠶᠢᠮᠦ ᠬᠥᠷᠥᠩᠭᠡ ᠴᠢᠨᠡᠭᠡᠯᠢᠭ ᠪᠢᠰᠢ᠂ ᠵᠦᠪᠬᠡᠨ150︱200 ᠣᠷᠴᠢᠮ ᠬᠤᠨᠢ ᠲᠠᠢ ᠠᠶᠢᠯ ᠤᠨ ᠪᠠᠷᠢᠮᠵᠢᠶ᠎ᠠ ᠠᠵᠢ᠃ ᠵᠢᠱᠢᠶ᠎ᠡ ᠨᠢ᠄︽ᠵᠣᠨ ᠤ ᠵᠤᠳ ᠦᠭᠡᠢ | ᠪᠣᠯᠣᠯ᠎ᠠ︾ ᠭᠡᠪᠡᠯ ᠵᠢᠯ ᠳᠤ ᠲᠠᠪᠤᠨ ᠦᠨᠢᠶ᠎ᠡ ᠲᠤᠭᠤᠯᠯᠠᠭᠤᠯᠵᠤ ᠪᠠᠶᠢᠭ᠎ᠠ ᠶᠢ ᠬᠡᠯᠡᠨ᠎ᠡ︔︽ᠲᠠᠷᠠᠭ ᠤᠨ ᠲᠠᠪᠤᠨ ᠦᠨᠢᠶ᠎ᠡ ᠪᠠᠷ ᠳᠤᠲᠠᠬᠤ ᠦᠭᠡᠢ︾ ᠭᠡᠪᠡᠯ ᠵᠢᠯ ᠪᠦᠷᠢ | ᠲᠠᠪᠤ ᠠᠴᠠ ᠳᠡᠭᠡᠭᠰᠢ ᠦᠨᠢᠶ᠎ᠡ ᠲᠤᠭᠤᠯᠯᠠᠭᠤᠯᠬᠤ ᠰᠦᠷᠦᠭ ᠦᠬᠡᠷ ᠲᠠᠢ ᠪᠣᠯᠤᠭᠰᠠᠨ ᠢ ᠵᠢᠭᠠᠨ᠎ᠠ︔︽ᠬᠥᠯ ᠳᠡᠭᠦᠵᠢᠯᠡᠬᠦ ᠤᠨᠤᠯᠭ᠎ᠠ ᠲᠠᠢ︾ ᠭᠡᠳᠡᠭ ᠨᠢ ᠨᠢᠭᠡ ᠠᠵᠢᠷᠭ᠎ᠠ | ᠠᠳᠤᠭᠤ ᠲᠠᠢ ᠪᠣᠯᠤᠭᠰᠠᠨ ᠢ ᠬᠡᠯᠡᠨ᠎ᠡ︔︽ᠬᠤᠷᠢᠶᠠᠬᠤ ᠲᠡᠮᠡᠭᠡ ᠲᠠᠢ︾ ᠭᠡᠪᠡᠯ ᠠᠷᠪᠠᠭᠠᠳ ᠲᠡᠮᠡᠭᠡ ᠲᠠᠢ ᠪᠣᠯᠵᠤ᠂ ︽ᠲᠡᠮᠡᠭᠡᠨ ᠰᠦᠷᠦᠭ ᠲᠠᠢ︾ ᠭᠡᠪᠡᠯ ᠪᠤᠤᠷ᠎ᠠ ᠲᠠᠯᠪᠢᠬᠤ | ᠲᠣᠭᠠᠨ ᠤ ᠲᠡᠮᠡᠭᠡ ᠲᠠᠢ ᠶᠢ ᠬᠡᠯᠡᠬᠦ ᠶᠤᠮ᠃ ᠲᠣᠯᠣᠭᠠᠨ ᠬᠤᠨᠢ ᠲᠠᠢ ᠪᠠᠶᠢᠭᠰᠠᠨ ᠠᠴᠠ ᠪᠠᠨ ᠲᠦᠮᠡᠨ ᠬᠤᠨᠢ ᠲᠠᠢ ᠪᠣᠯᠤᠭᠰᠠᠨ ᠦᠨᠡᠨ ᠲᠣᠮᠤᠭ ᠴᠦ ᠪᠣᠢ᠃ | ᠥᠭᠡᠷ᠎ᠡ ᠪᠠᠷ ᠬᠡᠯᠡᠪᠡᠯ ᠡᠳᠡᠭᠡᠷ ᠪᠠᠷᠢᠮᠵᠢᠶ᠎ᠠ ᠳᠤ ᠬᠦᠷᠬᠦ ᠦᠭᠡᠢ ᠪᠣᠯ ᠮᠠᠯ ᠰᠦᠷᠦᠭ ᠲᠠᠢ ᠳᠤ ᠲᠣᠭᠠᠴᠠᠭᠳᠠᠬᠤ ᠦᠭᠡᠢ ᠪᠠᠶᠢᠵᠠᠢ᠃ | ᠬᠥᠯᠥᠨ ᠪᠤᠶᠢᠷ ᠤᠨ ᠪᠠᠷᠭᠤᠴᠤᠳ ᠮᠠᠯ ᠰᠦᠷᠦᠭ ᠢᠶᠠᠷ ᠡᠶᠢᠮᠦ ᠪᠠᠶᠠᠨ ᠪᠣᠯᠬᠤᠷ ᠬᠤᠨᠢ︽ᠵᠠᠭᠤ ᠬᠦᠷᠪᠡᠯ ᠬᠢᠲᠤᠭᠠᠨ ᠤ ᠢᠷ ᠲᠤ ᠭᠦᠢᠴᠡᠭᠳᠡᠬᠦ ᠦᠭᠡᠢ︾᠂ | ︽ᠮᠢᠩᠭ᠎ᠠ ᠬᠦᠷᠪᠡᠯ ᠰᠦᠬᠡ ᠶᠢᠨ ᠲᠣᠬᠤᠨ ᠳᠤ ᠢᠪᠡᠷᠡᠬᠦ ᠪᠠᠨ ᠪᠣᠯᠢᠨ᠎ᠠ︾᠂ ︽ᠲᠦᠮᠡ ᠬᠦᠷᠪᠡᠯ ᠠᠷᠢᠶᠠᠲᠠᠨ ᠤ ᠰᠣᠶᠣᠭᠠᠨ ᠳᠤ ᠬᠡᠥᠯᠡᠭᠳᠡᠬᠦ ᠪᠠᠨ ᠪᠣᠯᠢᠵᠤ︾᠂ ︽ᠪᠤᠮ | ᠬᠦᠷᠪᠡᠯ ᠲᠦᠷᠦ ᠶᠢᠨ ᠵᠠᠪᠠᠵᠢ ᠶᠢ ᠳᠠᠭᠠᠭᠠᠨ᠎ᠠ︾ ᠭᠡᠳᠡᠭ ᠪᠤᠶᠤ︽ᠵᠠᠩᠭᠢ ᠭᠡᠭᠴᠢ ᠭᠡᠭᠦᠦ ᠶᠢᠨ ᠭᠡᠳᠡᠰᠦᠨ ᠳᠤ ᠪᠠᠶᠢᠨ᠎ᠠ︾ ᠭᠡᠬᠦ ᠮᠡᠲᠦ ᠶᠢᠨ ᠠᠷᠠᠳ ᠤᠨ ᠬᠠᠭᠤᠴᠢ | ᠬᠡᠯᠡᠯᠭᠡ ᠲᠠᠢ ᠪᠠᠶᠢᠳᠠᠭ ᠶᠤᠮ᠃ | ᠲᠠᠯ᠎ᠠ ᠬᠡᠭᠡᠷ᠎ᠡ ᠶᠢᠨ ᠨᠡᠭᠦᠳᠡᠯᠴᠢᠨ ᠠᠶᠢᠮᠠᠭ ᠤᠳ ᠲᠡᠭᠷᠢ ᠣᠭᠲᠠᠷᠭᠤᠢ ᠶᠢᠨ ᠬᠦᠴᠦ ᠨᠥᠯᠥᠭᠡ ᠶᠢ ᠣᠨᠴᠠᠭᠠᠢ ᠮᠡᠳᠡᠷᠡᠳᠡᠭ ᠲᠠᠢ ᠠᠳᠠᠯᠢ᠂ ᠪᠠᠷᠭᠤᠴᠤᠳ | ᠠᠯᠢᠪᠠ ᠢᠳᠡᠭᠡ ᠤᠮᠳᠠᠭᠠᠨ᠂ ᠮᠠᠯ ᠰᠦᠷᠦᠭ ᠢᠶᠠᠨ ᠪᠦᠷ ᠪᠠᠶᠢᠭᠠᠯᠢ ᠳᠡᠯᠡᠬᠡᠢ᠂ ᠤᠷᠭᠤᠮᠠᠯ ᠠᠮᠢᠲᠠᠨ ᠠᠴᠠ ᠡᠭᠦᠳᠳᠡᠭ᠂ ᠪᠦᠷ ᠯᠠ ᠡᠬᠡ ᠪᠠᠶᠢᠭᠠᠯᠢ ᠶᠢᠨ ᠪᠤᠶᠠᠨ ᠬᠡᠰᠢᠭ | ᠬᠡᠮᠡᠨ ᠦᠵᠡᠵᠡᠭᠡᠵᠦ᠂ ᠢᠳᠡᠭᠡ ᠤᠮᠳᠠᠭᠠᠨ ᠤ ᠳᠡᠭᠡᠵᠢ᠂ ᠮᠠᠯ ᠰᠦᠷᠦᠭ ᠤᠨ ᠰᠣᠷ ᠢ ᠬᠠᠩᠭᠠᠢ ᠳᠡᠯᠡᠬᠡᠢ ᠳᠡᠭᠡᠨ ᠨᠡᠷ᠎ᠡ ᠵᠢᠭᠠᠵᠤ ᠡᠷᠭᠦᠬᠦ ᠶᠣᠰᠣ ᠵᠠᠩᠰᠢᠯ ᠢ ᠡᠷᠲᠡ | ᠳᠡᠭᠡᠳᠦᠰ ᠠᠴᠠ ᠤᠯᠠᠮᠵᠢᠯᠠᠨ ᠢᠷᠡᠵᠡᠢ᠃ ᠡᠨᠡ ᠨᠢ ᠰᠠᠪᠠ ᠰᠢᠮ᠎ᠡ ᠶᠢᠨ ᠶᠢᠷᠲᠢᠨᠴᠦ ᠶᠢᠨ ᠬᠠᠤᠯᠢ ᠶᠢᠨ ᠦᠢᠯᠡᠴᠢᠯᠡᠯ ᠢ ᠠᠵᠢᠯ ᠠᠮᠢᠳᠤᠷᠠᠯ ᠳᠠᠭᠠᠨ ᠵᠥᠪ ᠲᠤᠰᠬᠠᠨ | ᠠᠪᠴᠤ᠂ ᠡᠷᠴᠢᠮᠲᠦ ᠴᠢᠨᠠᠷ ᠢ ᠨᠢ ᠤᠯᠠᠮ ᠨᠠᠷᠢᠨ ᠮᠡᠳᠡᠷᠡᠬᠦ ᠣᠯᠠᠨ ᠵᠠᠩ ᠦᠢᠯᠡ ᠶᠢ ᠵᠣᠬᠢᠶᠠᠮᠵᠢᠯᠠᠨ ᠬᠡᠪᠰᠢᠭᠦᠯᠦᠭᠰᠡᠨ ᠪᠠᠶᠢᠨ᠎ᠠ᠃ ᠲᠡᠭᠦᠨ ᠤ ᠨᠢᠭᠡ ᠶᠢ ᠪᠣᠳᠠᠲᠠᠢ | ᠳᠤᠷᠠᠳᠪᠠᠯ᠂ ᠪᠠᠷᠭᠤᠴᠤᠳ ᠤᠨ ᠲᠠᠪᠤᠨ ᠬᠤᠰᠢᠭᠤ ᠮᠠᠯ ᠤᠨ ᠮᠢᠯᠢᠶᠠᠯᠭ᠎ᠠ ᠱᠠᠩᠨᠠᠯ ᠪᠣᠯᠣᠨ᠎ᠠ᠃ | ᠪᠠᠷᠭᠤᠴᠤᠳ᠂ ᠮᠠᠯ ᠢ ᠪᠠᠶᠢᠭᠠᠯᠢ ᠳᠡᠯᠡᠬᠡᠢ ᠶᠢᠨ ᠣᠳᠣ ᠭᠠᠷᠠᠭ ᠡᠷᠬᠡᠰ ᠤᠨ ᠦᠢᠯᠡ ᠬᠥᠳᠡᠯᠭᠡᠭᠡᠨ ᠲᠠᠢ ᠬᠤᠯᠪᠣᠨ ᠰᠡᠳᠬᠢᠵᠦ᠂ ᠰᠠᠷ᠎ᠠ᠂ ᠡᠳᠦᠷ᠂ ᠴᠠᠭ ᠤᠨ | ᠰᠠᠶᠢᠨ ᠮᠠᠭᠤ ᠶᠢ ᠰᠢᠨᠵᠢᠵᠦ᠂ ᠮᠠᠯ ᠳᠠᠭᠠᠨ ᠬᠡᠶᠢᠮᠣᠷᠢ ᠶᠢᠨ ᠰᠠᠩ᠂ ᠪᠤᠶᠠᠨ ᠬᠡᠰᠢᠭ ᠤᠨ ᠳᠠᠯᠠᠯᠭ᠎ᠠ ᠠᠪᠤᠭᠤᠯᠳᠠᠭ ᠵᠠᠩ ᠳᠠᠳᠬᠠᠯ ᠲᠠᠢ ᠪᠢᠯᠡ᠃ ᠡᠨᠡ ᠨᠢ ᠵᠦᠪᠬᠡᠨ | ᠨᠡᠭᠦᠳᠡᠯᠴᠢᠨ ᠮᠣᠩᠭᠤᠯᠴᠤᠳ ᠲᠤ ᠯᠠ ᠪᠠᠶᠢᠳᠠᠭ ᠥᠪᠡᠷᠮᠢᠴᠡ ᠣᠨᠴᠠᠯᠢᠭ ᠲᠠᠢ ᠮᠠᠯᠵᠢᠬᠤ ᠰᠣᠶᠣᠯ ᠪᠣᠯᠣᠨ᠎ᠠ᠃ | ᠪᠠᠷᠭᠤᠴᠤᠳ ᠣᠯᠠᠨ ᠵᠠᠭᠤᠨ ᠮᠢᠩᠭᠠᠨ ᠵᠢᠯ ᠡᠳ᠋ᠯᠡᠵᠦ ᠢᠷᠡᠭᠰᠡᠨ ᠲᠠᠪᠤᠨ ᠬᠤᠰᠢᠭᠤ ᠮᠠᠯ ᠢᠶᠠᠨ ᠲᠡᠭᠷᠢ ᠭᠠᠵᠠᠷ ᠤᠨ ᠬᠡᠰᠢᠭ ᠪᠤᠶᠠᠨ ᠬᠡᠮᠡᠨ ᠮᠠᠰᠢ | ᠬᠦᠨᠳᠦᠳᠬᠡᠨ ᠵᠣᠬᠢᠬᠤ ᠲᠤᠭ᠎ᠠ ᠬᠡᠮᠵᠢᠶᠡᠨ ᠳᠤ ᠬᠦᠷᠭᠡᠪᠡᠯ᠂ ᠮᠠᠯ ᠳᠠᠭᠠᠨ ᠶᠡᠭᠡ ᠨᠠᠶᠢᠷ ᠬᠢᠵᠦ᠂ ᠶᠠᠮᠠᠷ ᠨᠢᠭᠡᠨ ᠨᠠᠨᠳᠢᠨ ᠡᠳ᠋ ᠡᠳ᠋ᠯᠡᠯ ᠢᠶᠠᠷ ᠲᠤᠷᠠᠰᠬᠠᠨ ᠲᠡᠮᠳᠡᠭᠯᠡᠵᠦ᠂ | ᠮᠠᠯ ᠤᠨ ᠬᠡᠰᠢᠭ ᠪᠤᠶᠠᠨ ᠢ ᠬᠤᠷᠤᠶᠢᠯᠠᠳᠠᠭ ᠤᠯᠠᠮᠵᠢᠯᠠᠯᠲᠤ ᠵᠠᠩᠰᠢᠯ ᠲᠠᠢ ᠪᠠᠶᠢᠳᠠᠭ᠃ ᠪᠣᠳᠠᠲᠠᠢ ᠳᠤᠷᠠᠳᠪᠠᠯ᠂ ᠢᠮᠠᠭ᠎ᠠ ᠮᠢᠩᠭ᠎ᠠ ᠬᠦᠷᠪᠡᠯ︽ᠽᠠᠨᠳᠠᠨ ᠱᠠᠲᠤ︾᠂ ᠬᠤᠨᠢ | ᠲᠦᠮᠡ ᠬᠦᠷᠪᠡᠯ︽ᠳᠠᠯᠠᠯᠭ᠎ᠠ ᠶᠢᠨ ᠲᠡᠪᠰᠢ︾︵ᠮᠥᠩᠭᠦᠨ ᠡᠳ᠋ᠯᠡᠯ ᠪᠤᠶᠤ ᠦᠨᠡᠲᠡᠢ ᠮᠣᠳᠣᠨ ᠤ ᠦᠨᠳᠦᠰᠦ ᠪᠠᠷ ᠬᠢᠭᠰᠡᠨ︶᠂ ᠠᠳᠤᠭᠤ ᠲᠦᠮᠡ ᠬᠦᠷᠪᠡᠯ︽ᠮᠢᠨᠳᠠᠰᠤᠨ | ᠬᠤᠶᠢᠪᠢ︾᠂ ᠲᠡᠮᠡᠭᠡ ᠲᠠᠪᠤᠨ ᠵᠠᠭᠤ ᠬᠦᠷᠪᠡᠯ︽ᠮᠥᠩᠭᠦᠨ ᠪᠤᠶᠢᠯᠠ︾᠂ ᠦᠬᠡᠷ ᠮᠢᠩᠭ᠎ᠠ ᠬᠦᠷᠪᠡᠯ︽ᠭᠠᠩ ᠲᠤᠯᠭ᠎ᠠ︾ ᠪᠠᠷ ᠱᠠᠩᠨᠠᠳᠠᠭ ᠪᠢᠯᠡ᠃ | ᠪᠠᠷᠭᠤᠴᠤᠳ ᠶᠡᠷᠦ ᠨᠢ ᠬᠡᠨ ᠤ ᠬᠢᠨ︽ᠽᠠᠨᠳᠠᠨ ᠱᠠᠲᠤ︾᠂ ︽ᠮᠥᠩᠭᠦᠨ ᠪᠤᠶᠢᠯᠠ︾᠂ ︽ᠮᠥᠩᠭᠦᠨ ᠲᠡᠪᠰᠢ︾᠂ ︽ᠮᠢᠨᠳᠠᠰᠤᠨ ᠬᠤᠶᠢᠪᠢ︾᠂ ︽ᠭᠠᠩ | ᠲᠤᠯᠭ᠎ᠠ︾ ᠲᠠᠢ ᠭᠡᠪᠡᠯ ᠬᠢᠷᠢ ᠵᠡᠷᠭᠡ ᠶᠢᠨ ᠮᠠᠯ ᠬᠥᠷᠥᠩᠭᠡ ᠲᠠᠢ᠂ ᠶᠠᠮᠠᠷ ᠳᠡᠰ ᠤᠨ ᠱᠠᠩᠨᠠᠯ ᠭᠥᠷᠳᠡᠭᠰᠡᠨ ᠳᠡᠭᠡᠳᠦ ᠵᠢᠩᠲᠠᠭᠠᠨ ᠤ ᠠᠶᠢᠯ ᠪᠣᠯᠬᠤ ᠶᠢ ᠮᠡᠳᠡᠴᠢᠬᠡᠳᠡᠭ᠃ | ᠡᠨᠡ ᠨᠢ ᠮᠠᠯᠴᠢᠨ ᠬᠥᠮᠥᠨ ᠤ ᠨᠢᠭᠡ ᠨᠠᠰᠣᠨ ᠤ ᠬᠢᠨᠢ ᠳᠡᠭᠡᠳᠦ ᠢᠷᠠᠭᠤ ᠠᠯᠳᠠᠷ ᠪᠣᠯᠳᠠᠭ ᠢᠶᠠᠷ ᠪᠠᠷᠠᠬᠤ ᠦᠭᠡᠢ᠂ ᠦᠶ᠎ᠡ ᠤᠳᠤᠮ ᠤᠨ ᠢᠶᠠᠨ ᠥᠩᠭᠡ ᠭᠡᠷᠡᠯ ᠪᠣᠯᠳᠠᠭ | ᠪᠠᠶᠢᠨ᠎ᠠ᠃ | ᠰᠠᠪᠠ ᠰᠢᠮ᠎ᠡ ᠶᠢᠨ ᠶᠢᠷᠲᠢᠨᠴᠦ ᠶᠢᠨ ᠬᠤᠭᠤᠰᠤᠨ ᠤ ᠮᠥᠨ ᠴᠢᠨᠠᠷ ᠢ ᠲᠠᠨᠢᠨ ᠮᠡᠳᠡᠵᠦ᠂ ᠲᠡᠭᠦᠨ ᠠᠴᠠ ᠬᠥᠮᠥᠨ ᠳᠤ ᠨᠥᠯᠥᠭᠡᠯᠡᠬᠦ ᠰᠥᠭᠡᠷᠭᠦ ᠡᠨᠧᠷᠭᠢ ᠶᠢ | ᠢᠯᠭᠠᠷᠠᠭᠤᠯᠬᠤ ᠠᠷᠭ᠎ᠠ ᠳᠣᠮ ᠰᠢᠪᠰᠢᠯᠭᠡ ᠨᠢ ᠦᠢᠯᠡᠳᠦᠯ᠂ ᠳᠦᠷᠰᠦ ᠪᠡᠯᠭᠡᠳᠡᠯ ᠦᠭᠡ ᠪᠠᠷ ᠢᠯᠡᠷᠬᠡᠶᠢᠯᠡᠬᠦ ᠭᠤᠷᠪᠠᠨ ᠬᠡᠯᠪᠡᠷᠢ ᠪᠠᠶᠢᠳᠠᠭ ᠪᠣᠯ ᠲᠡᠭᠦᠨ ᠠᠴᠠ ᠳᠤᠲᠠᠬᠤ | ᠦᠭᠡᠢ ᠠᠴᠢ ᠬᠤᠯᠪᠣᠭᠳᠠᠯ ᠲᠠᠢ ᠵᠠᠩ ᠦᠢᠯᠡ ᠪᠣᠯ ᠲᠠᠪᠤᠨ ᠬᠤᠰᠢᠭᠤ ᠮᠠᠯ ᠢ ᠰᠡᠲᠡᠷᠯᠡᠬᠦ ᠶᠠᠪᠤᠳᠠᠯ ᠶᠤᠮ᠃ ᠬᠤᠲᠠᠨ ᠳᠠᠭᠠᠨ ᠲᠠᠯᠪᠢᠭᠰᠠᠨ ᠱᠠᠲᠤᠨ ᠳᠡᠭᠡᠷ᠎ᠡ | ᠬᠠᠮᠤᠭ ᠤᠨ ᠲᠡᠷᠢᠭᠦᠨ ᠳᠤ ᠠᠪᠠᠷᠢᠨ ᠭᠠᠷᠤᠭᠰᠠᠨ ᠢᠮᠠᠭ᠎ᠠ ᠪᠠᠨ ᠰᠡᠲᠡᠷᠯᠡᠬᠦ ᠵᠡᠷᠭᠡ ᠨᠢ ᠰᠠᠪᠠ ᠰᠢᠮ᠎ᠡ ᠶᠢᠨ ᠶᠢᠷᠲᠢᠨᠴᠦ ᠶᠢᠨ ᠮᠥᠨ ᠴᠢᠨᠠᠷ ᠢ ᠤᠬᠠᠭᠠᠷᠠᠨ ᠲᠠᠨᠢᠵᠤ᠂ | ᠠᠬᠤᠢ ᠶᠢᠨ ᠰᠡᠳᠬᠢᠯᠭᠡᠨ ᠳᠡᠭᠡᠨ ᠴᠢᠳᠠᠪᠤᠷᠢᠯᠢᠭ ᠠᠰᠢᠭᠯᠠᠵᠤ ᠢᠷᠡᠭᠰᠡᠨ ᠤ ᠭᠠᠶᠢᠬᠠᠮᠰᠢᠭᠲᠤ ᠦᠢᠯᠡ ᠠᠵᠢᠯᠯᠠᠭ᠎ᠠ ᠭᠡᠪᠡᠯ ᠵᠣᠬᠢᠨ᠎ᠠ᠃ ᠡᠨᠡ ᠬᠦ ᠵᠠᠩ ᠦᠢᠯᠡ ᠪᠠᠨ | ᠥᠷᠭᠡᠨ ᠳᠡᠯᠭᠡᠷ ᠬᠢᠵᠦ᠂ ᠬᠦᠰᠡᠯ ᠮᠥᠷᠥᠭᠡᠳᠦᠯ ᠢᠶᠠᠨ ᠳᠠᠭᠠᠳᠬᠠᠨ ᠬᠡᠯᠡᠵᠦ᠂ ᠶᠣᠰᠣ ᠲᠦᠷᠦ ᠲᠠᠢ ᠦᠢᠯᠡᠳᠳᠡᠭ ᠨᠢ ᠲᠡᠭᠷᠢ ᠦᠵᠡᠯ ᠤᠨ ᠭᠠᠶᠢᠬᠠᠮᠰᠢᠭᠲᠤ ᠮᠡᠳᠡᠷᠡᠮᠵᠢ | ᠪᠣᠯᠬᠤ ᠶᠤᠮ᠃ ᠲᠠᠪᠤᠨ ᠬᠤᠰᠢᠭᠤ ᠮᠠᠯ ᠳᠠᠭᠠᠨ ᠬᠤᠪᠢᠯᠬᠤᠢ ᠶᠢᠨ ᠮᠥᠨ ᠴᠢᠨᠠᠷ ᠢ ᠥᠪᠡᠷᠲᠡᠭᠡᠨ ᠰᠢᠩᠭᠡᠭᠡᠭᠰᠡ ᠴᠠᠭᠠᠨ ᠰᠦ ᠠᠶᠢᠷᠠᠭ ᠢᠶᠠᠷ ᠲᠡᠭᠷᠢ ᠳᠤ ᠰᠠᠴᠤᠯᠢ | ᠡᠷᠭᠦᠵᠦ ᠰᠡᠲᠡᠷᠯᠡᠭᠰᠡᠨ ᠮᠠᠯ ᠢᠶᠠᠨ ᠮᠢᠯᠢᠶᠠᠳᠠᠭ ᠨᠢ ᠮᠥᠨ ᠴᠦ ᠨᠡᠭᠦᠳᠡᠯᠴᠢᠨ ᠲᠦᠮᠡᠨ ᠤ ᠭᠠᠶᠢᠬᠠᠮᠰᠢᠭᠲᠤ ᠵᠠᠩ ᠦᠢᠯᠡ ᠪᠣᠯᠬᠤ ᠶᠤᠮ᠃ ᠡᠨᠡ ᠨᠢ ᠪᠠᠷᠭᠤᠴᠤᠳ | ᠬᠤᠷᠸ᠎ᠠ ᠶᠢᠨ ᠠᠯᠢᠪᠠ ᠶᠠᠭᠤᠮᠠᠰ ᠦᠵᠡᠭᠳᠡᠯ ᠤᠨ ᠰᠢᠲᠦᠨ ᠪᠠᠷᠢᠯᠳᠤᠬᠤᠢ ᠶᠢᠨ ᠤᠬᠠᠭᠠᠨ ᠢ ᠡᠷᠲᠡᠨ ᠠᠴᠠ ᠡᠷᠢᠵᠦ ᠪᠠᠶᠢᠭᠠᠯᠢ ᠳᠡᠯᠡᠬᠡᠢ ᠲᠠᠢ ᠪᠠᠨ ᠵᠣᠬᠢᠰᠲᠠᠢ | ᠬᠠᠷᠢᠯᠴᠠᠨ ᠠᠮᠢᠳᠤᠷᠠᠵᠤ ᠢᠷᠡᠭᠰᠡᠨ ᠤᠬᠠᠭᠠᠨᠲᠤ ᠠᠷᠠᠳ ᠲᠦᠮᠡᠨ ᠭᠡᠳᠡᠭ ᠢ ᠬᠠᠷᠠᠭᠤᠯᠵᠤ ᠪᠠᠶᠢᠭ᠎ᠠ ᠶᠤᠮ᠃ | ᠢᠮᠠᠭ᠎ᠠ ᠪᠣᠯ ᠴᠣᠪᠣᠭᠤ ᠰᠡᠷᠭᠦᠯᠡᠩ ᠰᠣᠨᠢᠭᠤᠴᠢ᠂ ᠠᠯᠢᠪᠠ ᠶᠠᠭᠤᠮᠠᠨ ᠳᠤ ᠠᠪᠠᠷᠢᠵᠤ ᠭᠠᠷᠬᠤ᠂ ᠬᠠᠳᠠ ᠠᠭᠤᠯᠠ ᠮᠣᠳᠣ ᠳᠠᠮᠵᠢᠨ ᠲᠣᠭᠯᠠᠵᠤ ᠨᠠᠭᠠᠳᠬᠤ | ᠳᠤᠷᠠᠲᠠᠢ ᠦᠷᠡᠵᠢᠯ ᠰᠠᠶᠢᠲᠠᠢ ᠮᠠᠯ ᠪᠣᠯᠣᠨ᠎ᠠ᠃ ᠭᠡᠪᠡᠴᠦ ᠬᠦᠢᠲᠡᠨ ᠬᠤᠰᠢᠭᠤ ᠲᠠᠢ ᠮᠠᠯ ᠭᠡᠵᠦ ᠦᠵᠡᠳᠡᠭ ᠠᠴᠠ ᠲᠠᠯᠠᠯᠭ᠎ᠠ ᠶᠢᠨ ᠲᠡᠪᠰᠢ ᠪᠠᠷ ᠬᠥᠬᠢᠭᠦᠯᠵᠦ | ᠱᠠᠩᠨᠠᠭᠳᠠᠳᠠᠭ ᠦᠭᠡᠢ᠂ ᠬᠠᠷᠢᠨ ᠥᠪᠡᠷ ᠤᠨ ᠬᠢᠨᠢ ᠲᠥᠷᠥᠯᠬᠢ ᠣᠨᠴᠠᠯᠢᠭ ᠲᠤᠨᠢ ᠵᠣᠬᠢᠴᠠᠭᠤᠯᠵᠤ᠂ ᠱᠠᠲᠤ ᠪᠣᠰᠬᠠᠨ ᠨᠠᠭᠠᠳᠤᠭᠤᠯᠵᠤ ᠥᠨᠢᠷ ᠥᠰᠬᠡᠬᠦ ᠶᠢ ᠪᠡᠯᠭᠡᠳᠡᠳᠡᠭ᠃ | | ᠬᠤᠨᠢ ᠪᠣᠯ ᠪᠡᠯᠴᠢᠭᠡᠷ ᠤᠨ800 ᠲᠦᠷᠦᠯ ᠤᠨ ᠤᠷᠭᠤᠮᠠᠯ ᠠᠴᠠ520 ᠲᠦᠷᠦᠯ ᠢ ᠢᠳᠡᠵᠦ᠂ ᠪᠠᠶᠢᠭᠠᠯᠢ ᠴᠠᠭ ᠠᠭᠤᠷ ᠤᠨ ᠶᠠᠩᠵᠤ ᠪᠦᠷᠢ ᠶᠢᠨ ᠪᠦᠰᠡ | ᠨᠤᠲᠤᠭ ᠲᠤ ᠢᠳᠡᠭᠡᠰᠢᠨ ᠠᠮᠢᠳᠤᠷᠠᠵᠤ ᠴᠢᠳᠠᠳᠠᠭ᠃ ᠬᠤᠷᠳᠤᠨ ᠦᠰᠦᠯᠲᠡᠲᠡᠢ ᠲᠦᠯᠦᠷᠬᠡᠭ᠂ ᠨᠣᠮᠣᠢ ᠳᠥᠯᠭᠡᠨ ᠵᠠᠩ ᠲᠠᠢ᠂ ᠣᠯᠠᠨ ᠪᠣᠯᠬᠤ ᠲᠣᠲᠣᠮ ᠲᠠᠶᠢᠪᠤᠩ | ᠠᠮᠤᠭᠤᠯᠠᠩ ᠪᠣᠯᠳᠠᠭ ᠣᠨᠴᠠᠯᠢᠭ ᠲᠠᠢ᠃ ᠠᠮᠢᠳᠤᠷᠠᠯ ᠦᠢᠯᠡᠳᠪᠦᠷᠢᠯᠡᠯ ᠤᠨ ᠭᠤᠣᠯ ᠪᠥᠭᠡᠳ ᠥᠷᠭᠡᠨ ᠬᠡᠷᠡᠭᠴᠡᠭᠡ ᠶᠢ ᠬᠠᠩᠭᠠᠳᠠᠭ ᠲᠤᠯᠠ ᠲᠠᠯᠠᠯᠭ᠎ᠠ ᠶᠢᠨ ᠲᠡᠪᠰᠢ ᠪᠠᠷ | ᠮᠢᠯᠢᠶᠠᠨ ᠱᠠᠩᠨᠠᠳᠠᠭ ᠨᠢ ᠤᠴᠢᠷᠲᠠᠢ᠃ ᠬᠥᠯᠥᠨ ᠪᠤᠶᠢᠷ ᠤᠨ ᠪᠠᠷᠭᠤᠴᠤᠳ︽ᠬᠤᠨ ᠴᠠᠩᠬᠢᠷ ᠬᠤᠨᠢ ᠪᠠᠨ ᠬᠤᠷᠮᠣᠰᠲᠠ ᠲᠡᠭᠷᠢ ᠳᠤ ᠰᠡᠲᠡᠷᠯᠡᠳᠡᠭ᠂ ᠭᠦᠨ ᠤᠯᠠᠭᠠᠨ | ᠢᠮᠠᠭ᠎ᠠ ᠪᠠᠨ ᠭᠠᠯ ᠳᠠᠭᠠᠨ ᠰᠡᠲᠡᠷᠯᠡᠳᠡᠭ︾ ᠭᠡᠳᠡᠭ ᠬᠡᠯᠡᠯᠭᠡ ᠪᠠᠶᠢᠳᠠᠭ᠃ | ᠦᠬᠡᠷ ᠢ ᠭᠤᠣᠯᠳᠠᠭᠤ ᠮᠢᠬ᠎ᠠ ᠰᠦᠨ ᠤ ᠬᠡᠷᠡᠭᠴᠡᠭᠡ ᠪᠠᠨ ᠬᠠᠩᠭᠠᠵᠤ᠂ ᠬᠥᠰᠬᠡ ᠲᠡᠷᠭᠡᠨ ᠳᠤ ᠠᠰᠢᠭᠯᠠᠬᠤ᠂ ᠠᠷᠠᠰᠤ ᠰᠢᠷᠢ ᠶᠢ ᠨᠢ ᠠᠰᠢᠭᠯᠠᠬᠤ᠂ ᠲᠦᠷᠦᠯ | ᠪᠦᠷᠢ ᠶᠢᠨ ᠡᠳ᠋ ᠵᠦᠢᠯᠡᠰ᠂ ᠮᠠᠯ ᠤᠨ ᠲᠣᠨᠤᠭ ᠬᠡᠷᠡᠭᠰᠡᠯ ᠬᠢᠬᠦ᠂ ᠨᠣᠣᠰᠣ ᠬᠦᠬᠡᠪᠦᠷ ᠢ ᠨᠢ ᠠᠰᠢᠭᠯᠠᠬᠤ᠂ ᠠᠷᠭᠠᠯ ᠢ ᠨᠢ ᠬᠦᠷᠲᠡᠯ᠎ᠡ ᠲᠦᠯᠡᠰᠢᠨ ᠳᠤ ᠬᠡᠷᠡᠭᠯᠡᠬᠦ ᠵᠡᠷᠭᠡ | ᠣᠭᠲᠣ ᠶᠢᠨ ᠬᠠᠶᠠᠭᠳᠠᠮᠠᠯ ᠦᠭᠡᠢ ᠠᠰᠢᠭᠯᠠᠳᠠᠭ ᠪᠥᠭᠡᠳ ᠦᠬᠡᠷ ᠨᠢ ᠭᠡᠷᠰᠡᠭ ᠤᠴᠢᠷ ᠠᠴᠠ ᠣᠷᠣᠢ ᠲᠣᠭᠲᠠᠭᠰᠠᠨ ᠴᠠᠭ ᠲᠠᠭᠠᠨ ᠬᠤᠲᠠᠨ ᠳᠠᠭᠠᠨ ᠢᠷᠡᠳᠡᠭ ᠲᠤᠯᠠ︽ | ᠭᠠᠩ ᠲᠤᠯᠭ᠎ᠠ︾᠂ ︽ᠽᠠᠨᠳᠠᠨ ᠬᠥᠨᠥᠭ︾ ᠢᠶᠠᠷ ᠮᠢᠯᠢᠶᠠᠨ ᠱᠠᠩᠨᠠᠳᠠᠭ ᠨᠢ ᠶᠡᠭᠡ ᠪᠦᠯᠢ ᠶᠢᠨ ᠪᠡᠯᠭᠡᠳᠡᠯ ᠢ ᠢᠯᠡᠳᠬᠡᠵᠦ ᠪᠠᠶᠢᠭ᠎ᠠ ᠪᠠᠶᠢᠬ᠎ᠠ᠃ | ᠲᠡᠮᠡᠭᠡ ᠠᠮᠤᠭᠤᠯᠠᠩ ᠳᠥᠯᠭᠡᠨ ᠵᠠᠩ ᠲᠠᠢ᠂ ᠤᠨᠤᠯᠭ᠎ᠠ ᠡᠳ᠋ᠯᠡᠯᠬᠡᠨ ᠳᠤ ᠠᠮᠠᠷᠬᠠᠨ ᠰᠤᠷᠳᠠᠭ᠂ ᠲᠦᠷᠭᠡᠨ ᠨᠣᠮᠣᠬᠠᠷᠠᠳᠠᠭ ᠲᠤᠯᠠ︽ᠮᠥᠩᠭᠦᠨ ᠪᠤᠶᠢᠯᠠ︾ ᠪᠠᠷ | ᠱᠠᠩᠨᠠᠵᠤ᠂ ᠡᠭᠦᠷᠢᠳᠡ ᠠᠯᠳᠠᠵᠤ ᠶᠠᠪᠤᠭᠤᠯᠬᠤ ᠦᠭᠡᠢ ᠶᠢ ᠵᠥᠩᠨᠡᠨ ᠪᠡᠯᠭᠡᠳᠡᠭᠰᠡᠨ ᠪᠣᠯᠣᠯᠲᠠᠢ᠃ | ᠠᠳᠤᠭᠤ ᠪᠣᠯ ᠰᠦᠷᠦᠭ ᠢᠶᠠᠷ ᠠᠮᠢᠳᠤᠷᠠᠳᠠᠭ᠂ ᠲᠦᠷᠦᠯ ᠣᠶᠢᠷᠠᠳᠳᠠᠭ ᠦᠭᠡᠢ ᠰᠡᠷᠭᠦᠯᠡᠩ ᠴᠣᠪᠣᠭᠤ ᠪᠠᠶᠢᠳᠠᠭ᠃ ᠳᠡᠯᠡᠬᠡᠢ ᠠᠴᠠ ᠵᠠᠶᠠᠭᠠᠭᠰᠠᠨ︽ᠮᠣᠯᠣᠷ | ᠡᠷᠳᠡᠨᠢ︾ ᠶᠢ ᠥᠪᠡᠷ ᠤᠨ ᠪᠣᠯᠭᠠᠨ ᠲᠣᠭᠲᠠᠭᠠᠭᠰᠠᠨ ᠬᠤᠶᠢᠪᠢ ᠶᠢ ᠡᠷᠬᠢᠮᠯᠡᠨ︽ᠮᠢᠨᠳᠠᠰᠤᠨ ᠬᠤᠶᠢᠪᠢ︾ ᠪᠠᠷ ᠮᠢᠯᠢᠶᠠᠨ ᠱᠠᠩᠨᠠᠳᠠᠭ᠃ | ᠲᠠᠪᠤᠨ ᠬᠤᠰᠢᠭᠤ ᠮᠠᠯ ᠤᠨ ᠤᠯᠠᠮᠵᠢᠯᠠᠯᠲᠤ ᠮᠢᠯᠢᠶᠠᠯᠭ᠎ᠠ ᠱᠠᠩᠨᠠᠯ ᠳᠤ ᠮᠠᠨ ᠤ ᠨᠡᠭᠦᠳᠡᠯᠴᠢᠨ ᠮᠣᠩᠭᠤᠯᠴᠤᠳ ᠤᠨ ᠠᠵᠢᠯ ᠤᠨ ᠠᠷᠪᠢᠨ ᠲᠤᠷᠰᠢᠯᠭ᠎ᠠ᠂ | ᠠᠮᠢᠳᠤᠷᠠᠯ ᠤᠨ ᠲᠣᠷᠭᠠᠨ ᠤᠬᠠᠭᠠᠨ᠂ ᠬᠥᠮᠥᠨ ᠤ ᠮᠥᠰᠥ᠂ ᠨᠦᠮᠵᠢᠭ ᠥᠭᠡᠳᠡᠷᠡᠭ᠂ ᠮᠠᠯᠴᠢ ᠤᠳᠤᠮ ᠤᠨ ᠡᠷᠳᠡᠮ ᠮᠡᠷᠭᠡᠵᠢᠯ ᠤᠨ ᠶᠡᠭᠡ ᠥᠪ ᠰᠠᠩ ᠮᠡᠳᠡᠷᠡᠭᠳᠡᠵᠦ | ᠪᠠᠶᠢᠭ᠎ᠠ ᠶᠤᠮ᠃ | ᠣᠳᠣ ᠶᠢᠨ ᠡᠷᠢᠨ ᠳᠤ ᠮᠣᠩᠭᠤᠯᠴᠤᠳ ᠪᠠᠶᠢᠭᠠᠯᠢ ᠶᠢᠷᠲᠢᠨᠴᠦ ᠪᠠᠨ ᠲᠠᠨᠢᠵᠤ ᠵᠣᠬᠢᠴᠠᠬᠤ ᠨᠢ ᠰᠤᠯᠠᠷᠠᠵᠤ᠂ ᠦᠨᠳᠦᠰᠦᠲᠡᠨ ᠤ ᠣᠬᠢ ᠤᠯᠠᠮᠵᠢᠯᠠᠯᠲᠤ | ᠶᠣᠰᠣ ᠵᠠᠩ ᠦᠢᠯᠡ ᠶᠢ ᠮᠠᠷᠲᠠᠬᠤ ᠪᠤᠶᠤ ᠭᠠᠵᠢᠭᠤᠳᠠᠭᠤᠯᠤᠨ᠂ ᠪᠡᠯᠴᠢᠭᠡᠷ ᠢᠶᠠᠨ ᠲᠣᠣᠷᠯᠠᠵᠤ ᠮᠠᠯ ᠤᠨ ᠪᠠᠶᠢᠭᠠᠯᠢᠯᠢᠭ ᠴᠢᠨᠠᠷ ᠢ ᠬᠦᠨᠳᠦ ᠨᠣᠴᠢᠲᠠᠢ ᠠᠯᠳᠠᠭᠳᠠᠭᠤᠯᠵᠤ᠂ | ᠠᠯᠪᠠ ᠲᠡᠳᠦᠢ ᠲᠠᠭᠠᠵᠤ ᠪᠠᠶᠢᠭ᠎ᠠ ᠶᠢ ᠳᠤᠷᠠᠳᠬᠤ ᠳᠤ ᠢᠯᠡᠭᠦᠳᠡᠬᠦ ᠶᠠᠭᠤᠨ᠃ | |