ᠪᠠᠷᠭᠤ ᠶᠢᠨ ᠮᠣᠷᠢ ᠳᠠᠭᠤᠳᠠᠯᠭ᠎ᠠ ᠶᠢᠨ ᠵᠠᠩ ᠵᠠᠩᠰᠢᠯ ᠤᠴᠢᠷ ᠶᠣᠰᠣᠨ
ᠨᠡᠶᠢᠲᠡᠯᠡᠭᠰᠡᠨ ᠴᠠᠭ᠄
2024/8/26
          ᠪᠠᠷᠭᠤᠴᠤᠳ ᠠᠯᠢ ᠡᠷᠲᠡ ᠠᠴᠠ ᠪᠠᠨ ᠠᠭᠤᠯᠠ ᠣᠪᠣᠭᠠᠨ ᠤ ᠲᠠᠬᠢᠯᠭ᠎ᠠ ᠶᠢᠨ ᠨᠠᠶᠢᠷ᠂ ᠤᠷᠤᠭ ᠬᠤᠷᠢᠮ ᠤᠨ ᠨᠠᠶᠢᠷ᠂ ᠵᠢᠯ ᠴᠠᠭᠠᠨ ᠰᠠᠷ᠎ᠠ ᠶᠢᠨ ᠵᠣᠯᠭᠠᠯᠲᠠ ᠪᠣᠯᠣᠨ ᠤᠯᠤᠰ᠂ ᠣᠷᠣᠨ᠂ ᠠᠶᠢᠮᠠᠭ᠂ ᠬᠤᠰᠢᠭᠤ᠂ ᠰᠤᠮᠤᠨ ᠤ ᠠᠷᠠᠳ ᠤᠨ ᠨᠠᠭᠠᠳᠤᠮ᠂ ᠬᠤᠪᠢ  ᠶᠢᠨ ᠡᠷᠦᠬᠡ ᠶᠢᠨ ᠨᠠᠭᠠᠳᠤᠮ᠂ ᠨᠠᠰᠤᠲᠠᠶᠢᠴᠤᠳ ᠤᠨ ᠨᠠᠰᠤᠨ ᠪᠠᠶᠠᠷ ᠵᠡᠷᠭᠡ ᠳᠤ ᠲᠤᠰᠬᠠᠢ ᠪᠠ ᠣᠯᠠᠨ ᠲᠦᠷᠦᠯ ᠤᠨ ᠬᠤᠷᠳᠤᠨ ᠮᠣᠷᠢᠨ ᠤ ᠤᠷᠤᠯᠳᠣᠭᠠᠨ ᠶᠠᠪᠤᠭᠤᠯᠳᠠᠭ᠃          ᠤᠶᠠᠭᠠᠴᠢᠳ ᠠᠭᠤᠯᠠ ᠬᠠᠶᠢᠷᠬᠠᠨ ᠣᠪᠣᠭ᠎ᠠ ᠯᠤᠤᠰ᠂ ᠣᠷᠣᠨ ᠳᠡᠯᠡᠬᠡᠢ ᠳᠤ ᠪᠠᠨ ᠲᠣᠭᠤᠰᠣ ᠪᠠᠨ ᠡᠷᠭᠦᠵᠦ ᠬᠡᠶᠢᠮᠣᠷᠢ ᠪᠠᠨ ᠰᠡᠷᠭᠦᠭᠡᠬᠦ ᠶᠢ ᠣᠶᠤᠩᠭᠤᠯᠠᠳᠠᠭ᠃ ᠯᠤᠤᠰ ᠰᠠᠪᠳᠠᠭ ᠎ ᠲᠠᠭᠠᠨ ᠰᠠᠴᠤᠯᠢ ᠰᠡᠷᠴᠢᠮ ᠢᠶᠠᠨ ᠡᠷᠭᠦᠨ ᠰᠡᠳᠬᠢᠯ ᠵᠢᠷᠦᠬᠡᠨ ᠤ ᠤᠭ ᠠᠴᠠ ᠪᠠᠨ ᠮᠣᠷᠢ ᠬᠡᠦᠬᠡᠳ ᠬᠤᠶᠠᠷ ᠢᠶᠠᠨ ᠮᠡᠨᠳᠦ ᠰᠠᠶᠢᠨ ᠳᠠᠪᠬᠢᠨ ᠢᠷᠡᠬᠦ ᠶᠢ ᠳᠠᠭᠠᠳᠬᠠᠨ ᠵᠠᠯᠪᠢᠷᠠᠳᠠᠭ ᠠᠴᠠ ᠪᠢᠰᠢ ᠮᠢᠨᠤ ᠬᠦᠯᠦᠭ ᠶᠠᠭᠠᠬᠢᠭᠰᠠᠨ ᠴᠦ ᠦᠵᠦᠭᠦᠷᠯᠡᠬᠦ ᠶᠤᠮ ᠬᠡᠮᠡᠨ ᠯᠤᠤᠰ ᠰᠠᠪᠳᠠᠭ ᠲᠤ ᠠᠮᠠ ᠠᠯᠳᠠᠬᠤ ᠶᠢ ᠡᠷᠡᠰ ᠴᠡᠭᠡᠷᠯᠡᠳᠡᠭ ᠵᠠᠩᠰᠢᠯᠲᠠᠢ ᠪᠢᠯᠡ᠃          ᠮᠣᠷᠢ ᠳᠠᠭᠤᠳᠠᠯᠭ᠎ᠠ ᠪᠣᠯ ᠪᠠᠷᠭᠤᠴᠤᠳ ᠤᠨ ᠡᠷ᠎ᠡ ᠶᠢᠨ ᠭᠤᠷᠪᠠᠨ ᠨᠠᠭᠠᠳᠤᠮ ᠤᠨ ᠮᠣᠷᠢᠨ ᠤᠷᠤᠯᠳᠤᠭᠠᠨ ᠤ ᠴᠢᠬᠤᠯᠠ ᠨᠢᠭᠡᠨ ᠤᠯᠠᠮᠵᠢᠯᠠᠯᠲᠤ ᠵᠠᠩ ᠦᠢᠯᠡ ᠶᠢᠨ ᠨᠢᠭᠡ ᠮᠥᠨ᠃ ᠨᠠᠶᠢᠷ ᠤᠨ ᠳᠠᠭᠠᠭᠠᠮᠠᠯ ᠠᠴᠠ ᠮᠣᠷᠢ ᠳᠠᠭᠤᠳᠠᠭᠴᠢ ᠶᠢ ᠲᠤᠰᠬᠠᠶᠢᠯᠠᠨ ᠤᠷᠢᠨ ᠵᠠᠯᠠᠵᠤ᠂ ᠠᠯᠲᠠ ᠲᠣᠷᠭᠠᠨ ᠬᠠᠳᠠᠭ ᠪᠠᠷᠢᠨ᠂ ᠠᠶᠢᠷᠠᠭ ᠰᠦ ᠠᠮᠰᠠᠭᠤᠯᠤᠨ᠂ ᠤᠷᠢᠳ ᠠᠴᠠ ᠪᠡᠯᠡᠳᠬᠡᠭᠰᠡᠨ ᠮᠥᠩᠭᠦᠨ ᠡᠮᠡᠭᠡᠯ ᠬᠠᠵᠠᠭᠠᠷ ᠪᠦᠬᠦᠢ ᠮᠣᠷᠢ ᠵᠡᠬᠡᠵᠦ᠂ ᠪᠠᠷᠠᠭᠤᠨ ᠭᠠᠷ ᠤᠨ ᠲᠣᠬᠤᠢ ᠳᠠᠭᠠᠨ ᠤᠷᠲᠤ ᠳᠠᠩᠰᠠᠨ ᠲᠠᠰᠢᠭᠤᠷ ᠡᠯᠭᠦᠭᠡᠳ᠂ ᠵᠢᠰᠦ ᠲᠥᠯᠥᠪ ᠰᠡᠷᠭᠦᠯᠡᠩ ᠴᠣᠪᠣᠭᠤ ᠭᠠᠩᠭᠠᠩ ᠬᠦᠯᠦᠭ ᠤᠨ ᠵᠢᠯᠣᠭᠤ ᠭᠠᠷᠳᠠᠭᠤᠯᠤᠨ ᠲᠦᠰᠢᠨ ᠮᠣᠷᠳᠠᠭᠤᠯᠳᠠᠭ ᠠᠵᠢ᠃          ᠦᠵᠦᠭᠦᠷᠯᠡᠭᠰᠡᠨ ᠮᠣᠷᠢᠨ ᠤ ᠡᠵᠡᠨ ᠤ ᠭᠠᠵᠠᠷ ᠤᠰᠤ᠂ ᠣᠨᠣᠭᠰᠠᠨ ᠬᠡᠦᠬᠡᠳ ᠤᠨ ᠨᠡᠷ᠎ᠡ ᠶᠢ ᠣᠯᠠᠨ ᠳᠤ ᠲᠤᠰᠢᠶᠠᠭᠠᠳ ᠮᠣᠷᠢᠨ ᠤ ᠪᠠᠨ ᠲᠥᠷᠥᠴᠡ ᠪᠠᠶᠢᠳᠠᠯ᠂ ᠭᠦᠶᠦᠳᠡᠯ ᠶᠠᠪᠤᠳᠠᠯ ᠢ ᠵᠦᠢᠷᠯᠡᠭᠡᠳ᠂ ᠴᠡᠭᠡᠵᠢᠨ ᠲᠠᠪᠤ︵ᠠᠶᠢᠷᠠᠭ︶᠎ ᠳᠤ ᠣᠷᠣᠭᠰᠠᠨ ᠮᠣᠷᠢᠳ ᠤᠨ ᠴᠣᠯᠠ ᠶᠢ ᠳᠦᠬᠦᠮ ᠳᠠᠭᠤᠳᠠᠨ ᠳᠠᠷᠠᠭᠠᠯᠠᠭᠤᠯᠤᠨ ᠭᠠᠷᠭᠠᠨ᠎ᠠ᠃ ᠨᠠᠶᠢᠷ ᠲᠤ ᠤᠷᠤᠯᠳᠤᠭᠰᠠᠨ ᠬᠠᠮᠤᠭ ᠤᠨ ᠰᠡᠭᠦᠯᠴᠢ ᠶᠢᠨ ᠳᠠᠭ᠎ᠠ ᠶᠢ ᠦᠵᠦᠭᠦᠷ ᠮᠣᠷᠢᠨ  ᠤ ᠬᠠᠮᠲᠤ ᠵᠡᠷᠭᠡᠴᠡᠭᠦᠯᠦᠨ ᠵᠣᠭᠰᠣᠭᠠᠭᠠᠳ᠄          ︽ᠡᠨᠡ ᠬᠦᠯᠦᠭ ᠤᠨ ᠡᠵᠡᠨ ᠨᠢ          ᠠᠳᠡᠭᠦᠷᠡᠵᠦ ᠲᠠᠰᠢᠶᠠᠷᠠᠵᠤ ᠪᠣᠳᠤᠭᠰᠠᠨ ᠠᠴᠠ          ᠤᠶᠠᠭᠰᠠᠨ ᠳᠠᠭ᠎ᠠ ᠳᠤᠲᠠᠭᠠᠳ          ᠣᠨᠣᠭᠰᠠᠨ ᠬᠡᠦᠬᠡᠳ ᠨᠢ ᠪᠠᠯᠴᠢᠷᠳᠠᠭᠠᠳ          ᠦᠯᠡᠢ ᠮᠠᠩᠬ᠎ᠠ ᠲᠠᠭᠠᠷᠠᠯᠳᠤᠭᠠᠳ          ᠦᠷᠬᠦᠯᠵᠢ ᠰᠠᠭᠠᠳ ᠲᠣᠬᠢᠶᠠᠯᠳᠤᠭᠠᠳ          ᠦᠰᠦᠷᠴᠦ ᠬᠠᠷᠠᠶᠢᠵᠤ ᠭᠠᠷᠤᠭᠰᠠᠨ ᠴᠦ          ᠦᠬᠡᠷ ᠲᠡᠷᠭᠡ ᠰᠢᠭ ᠬᠤᠴᠣᠷᠤᠭᠠᠳ          ᠡᠨᠡ ᠵᠢᠯ ᠤᠨ ᠪᠠᠶᠠᠨ ᠬᠤᠳᠣᠭᠤᠳᠤ          ᠢᠷᠡᠬᠦ ᠵᠢᠯ ᠤᠨ ᠪᠠᠶᠠᠷ ᠤᠨ ᠮᠠᠩᠯᠠᠢ︾ ᠭᠡᠳ ᠬᠡᠦᠬᠡᠳ ᠬᠦᠯᠦᠭ ᠬᠤᠶᠠᠷ ᠢ ᠬᠦᠭᠡᠷᠦᠬᠡᠰᠢᠶᠡᠨ ᠤᠷᠮᠠᠰᠢᠭᠤᠯᠵᠤ ᠳᠠᠭᠤᠳᠠᠨ᠎ᠠ᠃︽ᠠᠮᠠᠨ ᠤ ᠪᠡᠯᠭᠡ ᠠᠴᠠ ᠠᠰᠢᠳᠠ ᠶᠢᠨ ᠪᠡᠯᠭᠡ︾ ᠭᠡᠵᠦ ᠦᠵᠡᠳᠡᠭ ᠠᠷᠠᠳ ᠲᠦᠮᠡᠨ ᠮᠠᠨᠢ ᠰᠠᠶᠢᠨ ᠰᠠᠶᠢᠬᠠᠨ ᠲᠡᠶᠢᠰᠢ ᠪᠡᠯᠭᠡᠳᠡᠨ ᠢᠷᠦᠭᠡᠵᠦ᠂ ᠢᠲᠡᠭᠡᠯ ᠬᠦᠰᠡᠯ ᠥᠭᠴᠦ ᠪᠠᠶᠢᠳᠠᠭ ᠠᠭᠤᠵᠢᠭᠤ ᠲᠠᠶᠢᠪᠤᠩ ᠰᠠᠶᠢᠬᠠᠨ ᠰᠡᠳᠬᠢᠯ ᠨᠢ ᠤᠷᠤᠯᠳᠤᠭᠠᠨ ᠳᠤ ᠬᠤᠴᠣᠷᠤᠭᠰᠠᠨ ᠳᠠᠭ᠎ᠠ ᠶᠢ ᠮᠠᠭᠲᠠᠨ ᠴᠣᠯᠠᠯᠠᠳᠠᠭ ᠡᠨᠡ ᠬᠦ ᠵᠠᠩ ᠦᠢᠯᠡ ᠠᠴᠠ ᠲᠣᠳᠣᠷᠬᠠᠢ ᠬᠠᠷᠠᠭᠳᠠᠵᠤ ᠪᠠᠶᠢᠭ᠎ᠠ ᠪᠢᠵᠡ ᠳ᠋ᠠ᠃          ᠪᠠᠷᠭᠤᠴᠤᠳ ᠱᠠᠩ ᠪᠠᠢ ᠶᠢ ᠳᠡᠳᠦᠶᠢᠯᠡ ᠴᠢᠬᠤᠯᠠᠴᠢᠯᠠᠳᠠᠭ ᠦᠭᠡᠢ᠂ ᠠᠭᠤᠯᠠ ᠬᠠᠶᠢᠷᠬᠠᠨ ᠳᠠᠭᠠᠨ ᠲᠣᠭᠤᠰᠣ ᠪᠠᠨ ᠡᠷᠭᠦᠵᠦ ᠬᠡᠶᠢᠮᠣᠷᠢ ᠎ ᠪᠠᠨ ᠰᠡᠷᠭᠦᠭᠡᠬᠦ ᠶᠢ ᠣᠶᠤᠩᠭᠤᠯᠠᠳᠠᠭ ᠤᠨ ᠤᠴᠢᠷ︽ᠪᠡᠯᠡᠭ ᠤᠨ ᠮᠣᠷᠢᠨ ᠤ ᠰᠢᠳᠦ ᠲᠠᠲᠠᠳᠠᠭ ᠦᠭᠡᠢ︾᠂︽ᠪᠡᠯᠡᠭ ᠢ ᠬᠦᠨᠳᠦᠳᠬᠡᠬᠦ ᠠᠴᠠ ᠪᠢᠰᠢ ᠪᠡᠨ᠎ᠡ ᠳᠤ ᠨᠢ ᠰᠢᠨᠤᠳᠠᠭ ᠦᠭᠡᠢ︾ ᠰᠠᠶᠢᠬᠠᠨ ᠤᠯᠠᠮᠵᠢᠯᠠᠯᠲᠤ ᠵᠠᠩᠰᠢᠯᠲᠠᠢ ᠠᠷᠠᠳ ᠲᠦᠮᠡᠨ ᠪᠢᠯᠡ᠃          ᠣᠳᠣ  ᠶᠢᠨ ᠶᠡᠭᠡ ᠪᠠᠭ᠎ᠠ ᠨᠠᠶᠢᠷ ᠲᠤ ᠮᠣᠷᠢ ᠳᠠᠭᠤᠳᠠᠬᠤ ᠦᠢᠯᠡ ᠶᠠᠪᠤᠴᠠ ᠨᠡᠯᠢᠶᠡᠳ ᠢᠪᠴᠤᠤ ᠪᠣᠯᠤᠭᠰᠠᠨ ᠪᠠᠶᠢᠳᠠᠯ ᠲᠠᠢ ᠪᠣᠯᠵᠤ ᠪᠠᠶᠢᠨ᠎ᠠ᠃ ᠡᠭᠦᠨ ᠤ ᠰᠢᠯᠲᠠᠭᠠᠨ ᠪᠣᠯ ᠮᠣᠷᠢ ᠳᠠᠭᠤᠳᠠᠬᠤ ᠬᠥᠮᠥᠨ ᠴᠥᠭᠡᠨ ᠪᠣᠯᠤᠭᠰᠠᠨ᠂ ᠤᠯᠠᠮᠵᠢᠯᠠᠵᠤ ᠵᠠᠯᠭᠠᠮᠵᠢᠯᠠᠬᠤ ᠬᠥᠮᠥᠰ ᠴᠥᠭᠡᠷᠡᠭᠰᠡᠨ᠂ ᠬᠦᠯᠢᠶᠡᠨ ᠠᠪᠬᠤ ᠬᠥᠮᠥᠰ ᠮᠠᠨᠢ ᠳᠡᠳᠦᠶᠢᠯᠡ ᠰᠣᠨᠢᠷᠬᠠᠯ ᠦᠭᠡᠢ᠂ ᠬᠦᠨᠳᠦᠳᠬᠡᠬᠦ ᠣᠶᠤᠩᠭᠤᠯᠠᠬᠤ ᠪᠠᠭ᠋ᠠᠷᠬᠠᠬᠤ ᠦᠭᠡᠢ ᠪᠣᠯᠤᠭᠰᠠᠨ ᠪᠤᠶᠤ᠃ ᠡᠶᠢᠮᠦ ᠠᠴᠠ ᠬᠤᠵᠢᠮ ᠤᠨ ᠬᠡᠦᠬᠡᠳ ᠵᠠᠯᠠᠭᠤᠴᠤᠳ ᠮᠠᠨᠢ ᠠᠷᠠᠳ ᠤᠨ ᠢᠶᠠᠨ ᠤᠯᠠᠮᠵᠢᠯᠠᠯᠲᠤ ᠣᠶᠤᠨ ᠤ ᠳᠡᠭᠡᠵᠢ︱ ᠮᠣᠷᠢ ᠳᠠᠭᠤᠳᠠᠯᠭ᠎ᠠ ᠶᠢ ᠰᠤᠷᠴᠤ ᠰᠤᠳᠤᠯᠤᠨ᠂ ᠤᠯᠠᠮᠵᠢᠯᠠᠵᠤ ᠳᠡᠯᠭᠡᠷᠡᠭᠦᠯᠵᠦ ᠶᠠᠪᠤᠬᠤ ᠨᠢ ᠨᠢᠭᠡ ᠦᠨᠳᠦᠰᠦᠲᠡᠨ ᠶᠠᠰᠤᠲᠠᠨ ᠤ ᠰᠦᠭ ᠰᠦᠨᠡᠰᠦ᠂ ᠬᠡᠶᠢᠮᠣᠷᠢ ᠵᠣᠯᠪᠤᠭ᠎ᠠ᠂ ᠰᠣᠶᠣᠯ ᠪᠣᠯᠪᠠᠰᠤᠨ ᠤ ᠪᠡᠯᠭᠡ ᠲᠡᠮᠳᠡᠭ ᠠᠵᠤᠭᠤ᠃          ᠮᠣᠷᠢ ᠳᠠᠭᠤᠳᠠᠬᠤ ᠶᠢᠨ ᠤᠴᠢᠷ ᠠᠨᠤ᠂ ᠲᠡᠭᠷᠢ ᠭᠠᠵᠠᠷ ᠬᠥᠮᠥᠨ ᠭᠤᠷᠪᠠ ᠶᠢᠨ ᠰᠢᠲᠦᠯᠴᠡᠭᠡᠨ ᠳᠤ ᠬᠡᠦᠬᠡᠳ ᠮᠣᠷᠢ ᠬᠤᠶᠠᠷ ᠨᠢ ᠮᠡᠨᠳᠦ ᠰᠠᠶᠢᠬᠠᠨ ᠳᠠᠪᠬᠢᠨ ᠢᠷᠡᠭᠰᠡᠨ ᠳᠤ ᠲᠠᠯᠠᠷᠬᠠᠨ ᠪᠠᠶᠠᠰᠴᠤ᠂ ᠬᠡᠶᠢᠮᠣᠷᠢ ᠵᠢᠪᠬᠤᠭ᠎ᠠ ᠬᠡᠰᠢᠭ ᠪᠤᠶᠠᠨ ᠤ ᠡᠨᠧᠷᠭᠢ ᠬᠦᠷᠲᠡᠵᠦ᠂ ᠪᠠᠶᠢᠭᠠᠯᠢ ᠳᠡᠯᠡᠬᠡᠢ ᠲᠠᠢ ᠪᠠᠨ ᠵᠥᠪ ᠬᠠᠷᠢᠴᠠᠳᠠᠭ ᠤᠨ ᠲᠣᠳᠣ ᠢᠯᠡᠷᠡᠯ ᠪᠤᠶᠤ︕          ᠡᠷᠳᠡᠨᠢᠲᠦ ᠬᠦᠯᠦᠭ ᠢᠵᠢᠯᠢ ᠰᠦᠷᠦᠭ ᠢᠶᠠᠨ ᠮᠠᠭᠲᠠᠨ ᠳᠠᠭᠤᠯᠠᠵᠤ᠂ ᠤᠶᠠᠭᠰᠠᠨ ᠡᠵᠡᠨ᠂ ᠣᠨᠣᠭᠰᠠᠨ ᠬᠡᠦᠬᠡᠳ᠂ ᠤᠶᠠᠭᠳᠠᠭᠰᠠᠨ ᠬᠦᠯᠦᠭ ᠭᠤᠷᠪᠠ ᠶᠢᠨ ᠬᠡᠶᠢᠮᠣᠷᠢ ᠵᠣᠯᠪᠤᠭ᠎ᠠ ᠤᠷ᠎ᠠ ᠮᠡᠷᠭᠡᠵᠢᠯ ᠢ ᠠᠷᠠᠳ ᠤᠨ ᠢᠷᠠᠭᠤ ᠨᠠᠶᠢᠷᠠᠭ ᠤᠨ ᠷᠢᠳᠢ ᠰᠢᠳᠢ ᠪᠠᠷ ᠠᠮᠢᠯᠠᠭᠤᠯᠤᠨ ᠮᠠᠭᠲᠠᠵᠤ᠂ ᠠᠷᠠᠳ ᠣᠯᠠᠨ ᠳᠠᠭᠠᠨ ᠤᠯᠠᠮᠵᠢᠯᠠᠨ ᠠᠯᠳᠠᠷᠰᠢᠭᠤᠯᠳᠠᠭ ᠶᠣᠰᠣᠨ ᠡᠶᠢᠮᠦ ᠪᠢᠯᠡ᠃          ᠪᠠᠷᠭᠤ ᠶᠢᠨ ᠮᠣᠷᠢ ᠳᠠᠭᠤᠳᠠᠯᠭ᠎ᠠ ᠳᠤ ᠮᠣᠷᠢᠨ ᠤ ᠥᠩᠭᠡ ᠵᠢᠰᠦ᠂ ᠲᠥᠷᠥᠴᠡ ᠪᠠᠶᠢᠳᠠᠯ᠂ ᠭᠦᠶᠦᠳᠡᠯ ᠶᠠᠪᠤᠳᠠᠯ᠂ ᠰᠢᠨᠳᠠᠰᠤ ᠰᠢᠷᠪᠦᠰᠦ᠂ ᠴᠢᠳᠠᠯ ᠳᠣᠷᠪᠢ᠂ ᠴᠤᠭ ᠵᠢᠪᠬᠤᠭ᠎ᠠ᠂ ᠵᠠᠩ ᠠᠷᠠᠨᠰᠢᠨ᠂ ᠤᠳᠤᠮ ᠣᠭᠰᠢᠯ ᠵᠡᠷᠭᠡ ᠶᠢ ᠨᠢ ᠣᠷᠣᠨ ᠨᠤᠲᠤᠭ᠂ ᠣᠩᠭᠤᠨ ᠬᠠᠶᠢᠷᠬᠠᠨ᠂ ᠨᠠᠷᠠ ᠰᠠᠷᠠ᠂ ᠬᠤᠢ ᠰᠠᠯᠬᠢ᠂ ᠠᠶᠤᠩᠭ᠎ᠠ ᠴᠠᠬᠢᠯᠭᠠᠨ᠂ ᠠᠮᠢᠲᠠᠨ ᠠᠷᠢᠶᠠᠲᠠᠨ᠂ ᠵᠢᠭᠦᠷᠲᠡᠨ ᠰᠢᠪᠠᠭᠤ᠂ ᠣᠳᠤᠨ ᠮᠡᠴᠢᠳ᠂ ᠭᠤᠣᠯ ᠮᠥᠷᠡᠨ᠂ ᠴᠢᠨᠳᠠᠮᠤᠨᠢ ᠡᠷᠳᠡᠨᠢ ᠭᠡᠬᠦ ᠮᠡᠲᠦ ᠪᠠᠷ ᠪᠠᠶᠢᠭᠠᠯᠢ ᠶᠢᠨ ᠦᠵᠡᠭᠳᠡᠯ ᠲᠠᠢ ᠬᠤᠯᠪᠣᠨ ᠵᠦᠢᠷᠯᠡᠳᠡᠭ᠃ ᠪᠠᠷᠭᠤᠴᠤᠳ ᠤᠨ ᠣᠶᠤᠨ ᠤ ᠥᠪ ᠤᠨ ᠳᠡᠭᠡᠵᠢ︱ ᠤᠯᠠᠮᠵᠢᠯᠠᠯᠲᠤ ᠮᠣᠷᠢ ᠳᠠᠭᠤᠳᠠᠯᠭ᠎ᠠ ᠬᠡᠮᠡᠭᠴᠢ ᠡᠨᠡ ᠪᠦᠯᠦᠭᠡ᠃ 
ᠢᠷᠡᠯᠲᠡ᠄ ︽ᠪᠠ᠊᠂ᠠᠮᠤᠷᠵᠢᠷᠭᠠᠯ ᠤᠨ ᠢᠷᠦᠭᠡᠯ ᠮᠠᠭᠲᠠᠭᠠᠯ ᠵᠣᠬᠢᠶᠠᠯ ᠪᠦᠲᠦᠭᠡᠯ ᠤᠳ︾